ᠡᠳᠦᠷ ᠪᠦᠷᠢ ᠨᠢᠭᠡ ᠲᠠᠬᠢᠶᠠᠨ ᠥᠨᠳᠡᠭᠡ ᠢᠳᠡᠪᠡᠯ ᠲᠠᠨ ᠤ ᠪᠡᠶ᠎ᠡ ᠳᠤ ᠶᠠᠮᠠᠷ ᠬᠤᠪᠢᠷᠠᠯᠲᠠ ᠠᠪᠴᠢᠷᠠᠬᠤ ᠶᠢ ᠮᠡᠳᠡᠨ᠎ᠡ ᠤᠤ︖
ᠨᠡᠶᠢᠲᠡᠯᠡᠭᠰᠡᠨ ᠴᠠᠭ᠄
2023/9/11
   ᠲᠠᠬᠢᠶᠠᠨ ᠥᠨᠳᠡᠭᠡ ᠡᠯ᠎ᠡ ᠵᠦᠢᠯ ᠤᠨ ᠰᠢᠮ᠎ᠡ ᠲᠡᠵᠢᠭᠡᠯ ᠲᠠᠢ ᠢᠳᠡᠭᠡᠨ ᠢ ᠨᠢᠭᠲᠠᠷᠠᠭᠤᠯᠤᠨ᠎ᠠ   ᠡᠩ ᠲᠡᠷᠢᠭᠦᠨ ᠳᠤ᠂ ᠲᠠᠬᠢᠶᠠᠨ ᠥᠨᠳᠡᠭᠡᠨ ᠳᠤ ᠴᠢᠨᠠᠷ ᠰᠠᠶᠢᠲᠠᠶ ᠤᠭᠤᠷᠠᠭ ᠡᠯᠪᠡᠭ ᠠᠭᠤᠯᠤᠭᠳᠠᠨ᠎ᠠ᠃ ᠲᠠᠬᠢᠶᠠᠨ ᠥᠨᠳᠡᠭᠡᠨ ᠤ ᠤᠭᠤᠷᠠᠭ ᠤᠨ ᠠᠭᠤᠯᠤᠭᠳᠠᠴᠠ 13% ᠣᠷᠴᠢᠮ ᠪᠠᠶᠢᠵᠤ᠂ ᠦᠨᠢᠶᠡᠨ ᠰᠦ ᠶᠢᠨ ᠤᠭᠤᠷᠠᠭ ᠤᠨ ᠠᠭᠤᠯᠤᠭᠳᠠᠴᠠ ︵3%︶ ᠠᠴᠠ ᠢᠯᠡᠭᠦᠦ ᠥᠨᠳᠥᠷ ᠪᠠᠶᠢᠵᠤ᠂ ᠰᠠᠮ ᠬᠤᠷᠣᠬᠠᠶ ᠶᠢᠨ ᠤᠭᠤᠷᠠᠭ ᠤᠨ ᠠᠭᠤᠯᠤᠭᠳᠠᠴᠠ ︵ᠪᠠᠷᠤᠭ 16%︶ ᠲᠠᠢ ᠣᠶᠢᠷᠠᠯᠴᠠᠭ᠎ᠠ ᠪᠠᠶᠢᠳᠠᠭ᠃ ᠭᠡᠪᠡᠴᠦ ᠦᠨ᠎ᠡ ᠶᠢ ᠨᠢ ᠬᠠᠷᠢᠴᠠᠭᠤᠯᠵᠤ ᠦᠵᠡᠪᠡᠯ ᠲᠠᠬᠢᠶᠠᠨ ᠥᠨᠳᠡᠭᠡ ᠨᠢ ᠰᠠᠮ ᠬᠤᠷᠣᠬᠠᠶ ᠠᠴᠠ ᠲᠤᠩ ᠴᠦ ᠬᠢᠮᠳᠠ᠃ ᠲᠠᠬᠢᠶᠠᠨ ᠥᠨᠳᠡᠭᠡᠨ ᠤ ᠤᠭᠤᠷᠠᠭ ᠤᠨ ᠰᠢᠪᠲᠦᠷᠲᠦ ᠬᠦᠴᠢᠯ ᠤᠨ ᠲᠥᠷᠥᠯ  ᠵᠦᠢᠯ ᠪᠠ ᠬᠠᠷᠢᠴᠠᠯ ᠨᠢ ᠬᠥᠮᠦᠨ ᠤ ᠪᠡᠶ᠎ᠡ ᠶᠢᠨ ᠤᠭᠤᠷᠠᠭ ᠤᠨ ᠰᠢᠪᠲᠦᠷᠲᠦ ᠬᠦᠴᠢᠯ ᠤᠨ ᠪᠦᠷᠢᠯᠳᠦᠯ ᠤᠨ ᠵᠠᠭᠪᠤᠷ ᠲᠠᠢ ᠨᠡᠯᠢᠶᠡᠳ ᠣᠶᠢᠷᠠᠯᠴᠠᠭ᠎ᠠ᠃ ᠡᠨᠡ ᠨᠢ ᠲᠠᠬᠢᠶᠠᠨ ᠥᠨᠳᠡᠭᠡᠨ ᠤ ᠤᠭᠤᠷᠠᠭ ᠤᠨ ᠰᠢᠩᠭᠡᠭᠡᠯᠲᠡ ᠶᠢᠨ ᠠᠰᠢᠭᠯᠠᠮᠵᠢ ᠮᠠᠰᠢ ᠥᠨᠳᠥᠷ ᠪᠠᠶᠢᠬᠤ ᠶᠢ ᠬᠠᠷᠠᠭᠤᠯᠵᠤ ᠪᠤᠢ᠃ ᠪᠦᠬᠦ ᠥᠨᠳᠡᠭᠡᠨ ᠤ ᠤᠭᠤᠷᠠᠭ ᠢ ᠰᠢᠩᠭᠡᠭᠡᠨ ᠠᠰᠢᠭᠯᠠᠬᠤ ᠨᠣᠷᠮ᠎ᠠ ᠨᠢ ᠦᠨᠢᠶᠡᠨ ᠰᠦ ᠪᠠ ᠬᠠᠷ᠎ᠠ ᠮᠢᠬ᠎ᠠ ᠠᠴᠠ ᠴᠤ ᠰᠠᠶᠢᠨ ᠪᠠᠶᠢᠳᠠᠭ᠃    ᠳᠠᠷᠠᠭᠠᠯᠠᠪᠠᠯ᠂ ᠲᠠᠬᠢᠶᠠᠨ ᠥᠨᠳᠡᠭᠡᠨ ᠳᠤ ᠪᠠᠰᠠ ᠨᠢᠭᠡ ᠪᠦᠯᠦ᠋ᠭ ᠸᠢᠲ᠋ᠠᠮᠢᠨ ᠡᠯᠪᠡᠭ ᠠᠭᠤᠯᠤᠭᠳᠠᠵᠤ ᠪᠠᠶᠢᠳᠠᠭ᠃ ᠵᠢᠱᠢᠶᠡᠯᠡᠬᠦ ᠳᠤ᠂ ᠬᠠᠷᠠᠭᠠᠨ ᠤ ᠰᠡᠷᠡᠯ ᠤᠨ ᠡᠰ ᠲᠤ ᠮᠠᠰᠢ ᠴᠢᠬᠤᠯᠠ᠂ ᠲᠠᠬᠢᠶ᠎ᠠ ᠬᠠᠷᠠᠩ ᠪᠠ ᠰᠢᠷ᠎ᠠ ᠲᠣᠯᠪᠣᠲᠤ ᠸᠢᠲ᠋ᠠᠮᠢᠨ A ᠪᠠ ᠨᠠᠪᠴᠢᠨ ᠤ ᠰᠢᠷ᠎ᠠ ᠡᠳ᠋ ᠢ ᠤᠷᠢᠳᠴᠢᠯᠠᠨ ᠰᠡᠷᠭᠡᠶᠢᠯᠡᠵᠦ ᠴᠢᠳᠠᠳᠠᠭ︔ ᠺᠠᠯᠼ ᠢ ᠰᠢᠩᠭᠡᠭᠡᠨ ᠠᠪᠴᠤ ᠠᠰᠢᠭᠯᠠᠬᠤ ᠶᠢ ᠠᠬᠢᠭᠤᠯᠬᠤ ᠪᠣᠯᠪᠠᠴᠤ ᠪᠤᠰᠤᠳ ᠡᠳᠦᠷ ᠲᠤᠲᠤᠮ ᠤᠨ ᠢᠳᠡᠭᠡᠨ ᠤ ᠳᠣᠲᠣᠷ᠎ᠠ ᠲᠣᠩ ᠴᠥᠭᠡᠨ ᠬᠠᠷᠠᠭᠳᠠᠳᠠᠭ ᠸᠢᠲ᠋ᠠᠮᠢᠨ D︔ ᠪᠠᠰᠠ ᠵᠢᠱᠢᠶᠡᠯᠡᠪᠡᠯ ᠴᠢᠰᠤ ᠡᠭᠡᠳᠡᠬᠦ ᠳᠤ ᠲᠤᠰᠠᠲᠠᠶ ᠸᠢᠲ᠋ᠠᠮᠢᠨ K ᠵᠡᠷᠭᠡ᠃ ᠣᠨᠴᠠᠭᠠᠶᠢᠯᠠᠨ ᠸᠢᠲ᠋ᠠᠮᠢᠨ A ᠶᠢᠨ ᠠᠭᠤᠯᠤᠭᠳᠠᠴᠠ 255mg/100g ᠪᠠᠶᠢᠵᠦ᠂ ᠨᠢᠭᠡ ᠲᠠᠬᠢᠶᠠᠨ ᠥᠨᠳᠡᠭᠡ ᠢᠳᠡᠪᠡᠯ ᠬᠥᠮᠦᠨ ᠤ ᠪᠡᠶ᠎ᠡ ᠶᠢᠨ ᠡᠳᠦᠷ ᠪᠦᠷᠢ ᠶᠢᠨ ᠬᠡᠷᠡᠭᠰᠡᠬᠦ ᠸᠢᠲ᠋ᠠᠮᠢᠨ A ᠶᠢᠨ 15% ᠣᠷᠴᠢᠮ ᠢ ᠬᠠᠩᠭᠠᠵᠤ ᠲᠠᠶᠢᠯᠳᠡᠭ᠃    ᠡᠭᠦᠨ ᠤ ᠬᠠᠮᠲᠤ ᠲᠠᠬᠢᠶᠠᠨ ᠥᠨᠳᠡᠭᠡᠨ ᠤ ᠳᠣᠲᠣᠷᠠᠬᠢ ᠺᠠᠯᠼ ᠤᠨ ᠠᠭᠤᠯᠤᠭᠳᠠᠴᠠ ᠴᠦ ᠪᠠᠭ᠎ᠠ ᠪᠤᠰᠤ᠂ 56mg/100g ᠪᠠᠶᠢᠵᠤ᠂ ᠦᠬᠡᠷ ᠤᠨ ᠮᠢᠬᠠᠨ ᠤ ᠺᠠᠯᠼ ᠤᠨ ᠠᠭᠤᠯᠤᠭᠳᠠᠴᠠ ︵4.5~5mg/100g︶ ᠠᠴᠠ ᠠᠷᠪᠠᠨ ᠳᠠᠬᠢᠨ ᠣᠷᠴᠢᠮ ᠥᠨᠳᠥᠷ ᠪᠠᠶᠢᠳᠠᠭ᠃ ᠭᠠᠭᠴᠠ ᠬᠦ ᠲᠠᠬᠢᠶᠠᠨ ᠥᠨᠳᠡᠭᠡᠨ ᠤ ᠳᠣᠲᠣᠷᠠᠬᠢ ᠲᠡᠮᠦᠷ ᠤᠨ ᠰᠢᠩᠭᠡᠭᠡᠯᠲᠡ ᠶᠢᠨ ᠠᠰᠢᠭᠯᠠᠮᠵᠢ ᠨᠡᠯᠢᠶᠡᠳ ᠳᠣᠣᠷ᠎ᠠ ᠤᠴᠢᠷ ᠠᠴᠠ ᠲᠠᠬᠢᠶᠠᠨ ᠥᠨᠳᠡᠭᠡᠨ ᠤ ᠲᠡᠮᠦᠷ ᠤᠨ ᠠᠭᠤᠯᠤᠭᠳᠠᠴᠠ ᠨᠢ ᠲᠡᠶᠢᠮᠦ ᠳᠣᠣᠷ᠎ᠠ ᠪᠢᠰᠢ ᠪᠠᠶᠢᠭᠰᠠᠨ ᠴᠦ ᠲᠡᠮᠦᠷ ᠢ ᠰᠠᠶᠢᠨ ᠨᠥᠬᠦᠪᠥᠷᠢᠯᠡᠳᠡᠭ ᠢᠳᠡᠭᠡᠨ ᠳᠤ ᠲᠤᠭᠠᠴᠢᠬᠤ ᠦᠭᠡᠢ᠃ᠳᠤᠷᠠᠳᠤᠭᠤᠰᠢᠲᠠᠶ ᠨᠢ ᠲᠠᠬᠢᠶᠠᠨ ᠥᠨᠳᠡᠭᠡᠨ ᠳᠤ ᠥᠨᠳᠡᠭᠡᠨ ᠹᠣᠰᠹᠣᠷᠲᠤ ᠥᠭᠡᠬᠦ ᠪᠠᠶᠢᠵᠤ᠂ ᠡᠨᠡ ᠬᠦ ᠪᠣᠳᠠᠰ ᠨᠢ ᠶᠡᠭᠡ ᠲᠠᠷᠢᠬᠢᠨ ᠤ ᠮᠡᠳᠡᠷᠡᠯ ᠤᠨ ᠰᠢᠰᠲ᠋ᠧᠮ ᠤᠨ ᠪᠤᠶᠢᠵᠢᠯᠲᠠ ᠳᠤ ᠴᠢᠬᠤᠯᠠ ᠠᠴᠢ ᠬᠤᠯᠪᠣᠭᠳᠠᠯ ᠲᠠᠢ᠃ ᠡᠭᠦᠨ ᠤ ᠬᠠᠮᠲᠤ ᠪᠠᠰᠠ ᠪᠡᠶ᠎ᠡ ᠶᠢᠨ ᠳᠣᠲᠣᠷᠠᠬᠢ ᠥᠭᠡᠬᠦ ᠶᠢᠨ ᠰᠣᠯᠢᠯᠴᠠᠭ᠎ᠠ ᠶᠢ ᠵᠣᠬᠢᠴᠠᠭᠤᠯᠬᠤ᠂ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠷᠡᠭᠦᠯ ᠮᠡᠨᠳᠦ ᠳᠤ ᠠᠰᠢᠭᠲᠠᠶ᠃ ᠤᠷᠲᠤ ᠬᠤᠭᠤᠴᠠᠭ᠎ᠠ ᠪᠠᠷ ᠥᠨᠳᠡᠭᠡᠨ ᠹᠣᠰᠹᠣᠷᠲᠤ ᠥᠭᠡᠬᠦ ᠳᠤᠲᠠᠭᠳᠠᠪᠠᠯ ᠴᠡᠭᠡᠵᠢᠯᠡᠬᠦ ᠴᠢᠳᠠᠪᠤᠷᠢ ᠪᠠ ᠲᠠᠨᠢᠨ ᠮᠡᠳᠡᠬᠦ ᠴᠢᠳᠠᠪᠤᠷᠢ ᠶᠢ  ᠨᠦᠯᠦᠭᠡᠯᠡᠵᠦ ᠮᠡᠳᠡᠳᠡᠭ᠃

6382883580886584476993868.jpg

    ᠡᠳᠦᠷ ᠪᠦᠷᠢ ᠨᠢᠭᠡ ᠲᠠᠬᠢᠶᠠᠨ ᠥᠨᠳᠡᠭᠡ ᠢᠳᠡᠬᠦ ᠨᠢ ᠪᠡᠶ᠎ᠡ ᠳᠤ ᠶᠠᠮᠠᠷ ᠬᠤᠪᠢᠷᠠᠯᠲᠠ ᠲᠠᠢ ᠪᠣᠶ︖

    1. ᠴᠢᠰᠤᠨ ᠤ ᠥᠭᠡᠬᠦ ᠶᠢ ᠲᠣᠬᠢᠷᠠᠭᠤᠯᠤᠨ᠂ ᠵᠢᠷᠦᠬᠡ ᠴᠢᠰᠤᠨ ᠰᠤᠳᠠᠯ ᠤᠨ ᠡᠪᠡᠳᠴᠢᠨ ᠡᠭᠦᠰᠭᠦ ᠨᠣᠷᠮ᠎ᠠ ᠶᠢ ᠪᠠᠭᠤᠷᠠᠭᠤᠯᠤᠨ᠎ᠠ᠃ ᠲᠠᠬᠢᠶᠠᠨ

ᠥᠨᠳᠡᠭᠡᠨ ᠤ ᠳᠣᠲᠣᠷᠠᠬᠢ ᠥᠨᠳᠡᠭᠡᠨ ᠹᠣᠰᠹᠣᠷᠲᠤ ᠥᠭᠡᠬᠦ ᠨᠢ ᠥᠭᠡᠬᠦ ᠶᠢᠨ ᠰᠢᠩᠭᠡᠭᠡᠯᠲᠡ᠂ ᠰᠣᠯᠢᠯᠴᠠᠭ᠎ᠠ ᠶᠢ ᠵᠣᠬᠢᠴᠠᠭᠤᠯᠬᠤ ᠦᠢᠯᠡᠳᠦᠯ ᠲᠠᠢ

ᠤᠴᠢᠷ ᠠᠴᠠ ᠡᠳᠦᠷ ᠪᠦᠷᠢ ᠨᠢᠭᠡ ᠲᠠᠬᠢᠶᠠᠨ ᠥᠨᠳᠡᠭᠡ ᠢᠳᠡᠬᠦ ᠨᠢ ᠦᠨᠡᠨ ᠳᠡᠭᠡᠨ ᠨᠡᠯᠢᠶᠡᠳ ᠠᠷᠪᠢᠨ ᠬᠠᠨᠤᠮᠠᠯ ᠥᠭᠡᠬᠦ ᠲᠠᠢ ᠤᠯᠠᠭᠠᠨ ᠮᠢᠬᠠᠨ ᠤ

ᠲᠥᠷᠥᠯ ᠢ ᠢᠳᠡᠬᠦ ᠠᠴᠠ ᠢᠯᠡᠭᠦᠦ ᠵᠢᠷᠦᠬᠡ ᠴᠢᠰᠤᠨ ᠰᠤᠳᠠᠯ ᠤᠨ ᠡᠷᠡᠭᠦᠯ ᠮᠡᠨᠳᠦ ᠳᠤ ᠨᠡᠩ ᠠᠰᠢᠭᠲᠠᠶ ᠶᠤᠮ᠃

    ᠲᠠᠬᠢᠶᠠᠨ ᠥᠨᠳᠡᠭᠡ ᠢᠳᠡᠪᠡᠯ ᠰᠥᠰᠥᠨ ᠤ ᠭᠤᠨᠠᠨ ᠠᠯᠺᠣᠣᠯ ᠢ ᠨᠡᠮᠡᠭᠳᠡᠭᠦᠯᠬᠦ ᠠᠴᠠ ᠠᠶᠤᠵᠤ ᠪᠠᠶᠢᠭ᠎ᠠ ᠨᠠᠶᠢᠵᠠ ᠨᠠᠷ ᠬᠥᠮᠦᠨ ᠤ ᠪᠡᠶ᠎ᠡ ᠶᠢᠨ ᠣᠯᠠᠩᠬᠢ

ᠲᠣᠭᠠᠨ ᠤ ᠰᠥᠰᠥᠨ ᠤ ᠭᠤᠨᠠᠨ ᠠᠯᠺᠣᠣᠯ ᠨᠢ ᠡᠯᠢᠭᠡ ᠪᠠᠷ ᠨᠡᠶᠢᠯᠡᠵᠦ ᠪᠦᠲᠦᠭᠰᠡᠨ ᠢ ᠴᠡᠭᠡᠵᠢᠯᠡᠵᠦ ᠠᠪᠤᠭᠠᠷᠠᠶ᠃ ᠬᠠᠷᠢᠨ ᠢᠳᠡᠭᠡᠨ ᠤ ᠳᠣᠲᠣᠷᠠᠬᠢ

ᠰᠥᠰᠥᠨ ᠤ ᠭᠤᠨᠠᠨ ᠠᠯᠺᠣᠣᠯ ᠤᠨ ᠴᠢᠰᠤᠨ ᠤ ᠥᠭᠡᠬᠦᠨ ᠳᠤ ᠦᠵᠡᠭᠦᠯᠬᠦ ︽ᠨᠠᠵᠠᠭᠠᠢ ᠦᠢᠯᠡᠳᠦᠯ︾ ᠨᠢ ᠭᠤᠣᠯᠳᠠᠭᠤ ᠲᠡᠳᠡᠭᠡᠷ ᠬᠠᠨᠤᠮᠠᠯ ᠥᠭᠡᠬᠦᠨ

ᠬᠦᠴᠢᠯ ᠨᠡᠯᠢᠶᠡᠳ ᠥᠨᠳᠥᠷ ᠠᠭᠤᠯᠤᠭᠳᠠᠴᠠ ᠲᠠᠢ ᠢᠳᠡᠭᠡᠨ ᠠᠴᠠ ᠢᠷᠡᠯᠲᠡ ᠲᠠᠢ᠃ ᠲᠠᠬᠢᠶᠠᠨ ᠥᠨᠳᠡᠭᠡᠨ ᠤ ᠬᠠᠨᠤᠮᠠᠯ ᠥᠭᠡᠬᠦᠨ ᠬᠦᠴᠢᠯ ᠤᠨ

ᠠᠭᠤᠯᠤᠭᠳᠠᠴᠠ ᠥᠨᠳᠥᠷ ᠪᠢᠰᠢ᠂ ᠬᠡᠳᠦ᠋ᠪᠡᠷ ᠥᠨᠳᠡᠭᠡᠨ ᠰᠢᠷ᠎ᠠ ᠶᠢᠨ ᠳᠣᠲᠣᠷ᠎ᠠ ᠰᠥᠰᠥᠨ ᠤ ᠭᠤᠨᠠᠨ ᠠᠯᠺᠣᠣᠯ ᠠᠭᠤᠯᠵᠤ ᠪᠠᠶᠢᠪᠠᠴᠤ᠂ ᠪᠠᠰᠠ ᠡᠯ᠎ᠡ

ᠵᠦᠢᠯ ᠤᠨ ᠸᠢᠲ᠋ᠠᠮᠢᠨ᠂ ᠡᠷᠦᠳᠡᠰᠦ ᠪᠣᠳᠠᠰ ᠪᠠ ᠥᠨᠳᠡᠭᠡᠨ ᠹᠣᠰᠹᠣᠷᠲᠤ ᠥᠭᠡᠬᠦ ᠵᠡᠷᠭᠡ ᠬᠥᠮᠦᠨ ᠤ ᠪᠡᠶ᠎ᠡ ᠶᠢᠨ ᠡᠷᠡᠭᠦᠯ ᠮᠡᠨᠳᠦ ᠳᠤ ᠠᠰᠢᠭᠲᠠᠶ ᠪᠦᠷᠢᠯᠳᠦᠬᠦᠨ

ᠠᠭᠤᠯᠵᠤ ᠪᠠᠶᠢᠳᠠᠭ᠃ ᠠᠯᠠᠭ ᠮᠢᠬ᠎ᠠ᠂ ᠦᠬᠡᠷ ᠤᠨ ᠮᠢᠬ᠎ᠠ ᠲᠠᠢ ᠬᠠᠷᠢᠴᠠᠭᠤᠯᠪᠠᠯ᠂ ᠲᠠᠬᠢᠶᠠᠨ ᠥᠨᠳᠡᠭᠡ ᠪᠣᠯ ᠯᠠᠪᠲᠠᠶ ᠰᠠᠨᠠᠭ᠎ᠠ ᠠᠮᠤᠷ ᠢᠳᠡᠵᠦ ᠪᠣᠯᠬᠤ

ᠰᠠᠢᠨ ᠢᠳᠡᠭᠡᠨ ᠪᠣᠯᠬᠤ ᠶᠤᠮ᠃ ᠠᠩᠬᠠᠷᠤᠭᠤᠰᠢᠲᠠᠶ ᠨᠢ ᠠᠳᠡ ᠬᠡᠯᠡᠵᠦ ᠪᠠᠶᠢᠭ᠎ᠠ ᠲᠠᠬᠢᠶᠠᠨ ᠥᠨᠳᠡᠭᠡ ᠭᠡᠳᠡᠭ ᠨᠢ ᠲᠣᠰᠣᠨ ᠳᠤ ᠪᠤᠴᠠᠯᠭᠠᠭᠰᠠᠨ᠂

ᠲᠣᠰᠣᠨ ᠳᠤ ᠬᠠᠭᠠᠷᠢᠭᠰᠠᠨ ᠲᠠᠬᠢᠶᠠᠨ ᠥᠨᠳᠡᠭᠡ ᠪᠢᠰᠢ᠂ ᠬᠠᠷᠢᠨ ᠴᠢᠨᠠᠭᠰᠠᠨ ᠥᠨᠳᠡᠭᠡ᠂ ᠵᠢᠩᠨᠡᠭᠰᠡᠨ ᠥᠨᠳᠡᠭᠡ ᠶᠢ ᠬᠡᠯᠡᠨ᠎ᠡ᠃ ᠡᠭᠦᠨ ᠠᠴᠠ ᠭᠠᠳᠠᠨ᠎ᠠ᠂

ᠪᠠᠰᠠ ᠵᠠᠷᠢᠮ ᠰᠤᠳᠤᠯᠭᠠᠨ ᠳᠤ ᠢᠯᠡᠷᠬᠡᠶᠢᠯᠡᠭᠰᠡᠨ ᠢᠶᠠᠷ᠂ ᠭᠠᠷᠠᠭ ᠪᠦᠷᠢ 5 ᠥᠨᠳᠡᠭᠡ ᠢᠳᠡᠪᠡᠯ 2 ᠬᠡᠯᠪᠡᠷᠢ ᠶᠢᠨ ᠰᠢᠬᠢᠷ ᠰᠢᠵᠢᠩ ᠡᠪᠡᠳᠴᠢᠨ ᠤ

ᠲᠦᠭᠰᠢᠭᠦᠷᠢ ᠶᠢ ᠪᠠᠭᠠᠰᠬᠠᠵᠤ ᠲᠠᠶᠢᠯᠤᠨ᠎ᠠ᠃ ᠡᠭᠦᠨ ᠤ ᠦᠨᠳᠦᠰᠦᠯᠡᠯ ᠨᠢ ᠲᠠᠬᠢᠶᠠᠨ ᠥᠨᠳᠡᠭᠡᠨ ᠳᠠᠬᠢ ᠡᠯᠪᠡᠭ ᠪᠠᠶᠠᠯᠢᠭ ᠤᠭᠤᠷᠠᠭ ᠲᠠᠢ ᠬᠤᠯᠪᠣᠭ᠎ᠠ ᠲᠠᠢ

ᠪᠠᠶᠢᠵᠤ ᠮᠡᠳᠡᠨ᠎ᠡ᠃

    2. ᠦᠯ ᠶᠡᠬᠡᠳᠡᠢ᠂ ᠪᠡᠶ᠎ᠡ ᠶᠢᠨ ᠬᠦᠨᠳᠦ ᠶᠢ ᠬᠢᠵᠠᠭᠠᠷᠯᠠᠬᠤ ᠳᠤ ᠲᠤᠰᠠᠯᠠᠨ᠎ᠠ᠃ ᠲᠠᠬᠢᠶᠠᠨ ᠥᠨᠳᠡᠭᠡᠨ ᠳᠤ ᠡᠯᠪᠡᠭ ᠪᠠᠶᠠᠯᠢᠭ ᠪᠥᠭᠡᠳ

ᠠᠰᠢᠭᠯᠠᠯᠲᠠ ᠶᠢᠨ ᠨᠣᠷᠮ᠎ᠠ ᠪᠠᠷ ᠲᠦᠢᠯ ᠤᠨ ᠥᠨᠳᠥᠷ ᠴᠢᠨᠠᠷ ᠰᠠᠶᠢᠲᠠᠶ ᠤᠭᠤᠷᠠᠭ ᠠᠭᠤᠯᠤᠭᠳᠠᠵᠤ ᠪᠠᠶᠢᠳᠠᠭ᠃ ᠤᠭᠤᠷᠠᠭ ᠤᠨ ᠰᠢᠩᠭᠡᠭᠡᠯᠲᠡ ᠶᠢᠨ

ᠬᠤᠷᠳᠤᠴᠠ ᠨᠢ ᠨᠡᠭᠦᠷᠡᠰᠦ ᠤᠰᠤᠨ ᠤ ᠨᠢᠭᠡᠳᠪᠦᠷᠢ ᠠᠴᠠ ᠬᠤᠯᠠ ᠳᠣᠣᠷ᠎ᠠ ᠪᠠᠶᠢᠳᠠᠭ ᠠᠴᠠ ᠢᠳᠡᠭᠰᠡᠨ ᠤ ᠳᠠᠷᠠᠭ᠎ᠠ ᠭᠡᠳᠡᠰᠦ ᠴᠠᠳᠬᠤᠯᠠᠩ ᠪᠠᠶᠢᠳᠠᠯ ᠢ

ᠶᠡᠭᠡ ᠪᠠᠷ ᠨᠡᠮᠡᠭᠳᠡᠭᠦᠯᠵᠦ᠂ ᠡᠨᠡ ᠬᠦ ᠭᠡᠳᠡᠰᠦ ᠴᠠᠳᠬᠤᠯᠠᠩ ᠪᠠᠶᠢᠳᠠᠯ ᠨᠢ ᠢᠳᠡᠭᠡᠨ ᠤ ᠳᠤᠷᠠᠰᠢᠯ ᠢ ᠬᠤᠷᠢᠭᠯᠠᠳᠠᠭ᠃

ᠡᠭᠦᠨ ᠠᠴᠠ ᠭᠠᠳᠠᠨ᠎ᠠ᠂ ᠬᠥᠮᠦᠨ ᠤ ᠪᠡᠶ᠎ᠡ ᠶᠢᠨ ᠤᠭᠤᠷᠠᠭ ᠢ ᠰᠢᠩᠭᠡᠭᠡᠬᠦ ᠳᠤ ᠵᠠᠷᠤᠴᠠᠭᠤᠯᠬᠤ ᠡᠨᠧᠷᠭᠢ ᠨᠢ ᠶᠡᠷᠦ ᠠᠴᠠ ᠨᠡᠭᠦᠷᠡᠰᠦ ᠤᠰᠤᠨ ᠤ ᠨᠢᠭᠡᠳᠪᠦᠷᠢ

ᠪᠣᠯᠤᠨ ᠥᠭᠡᠬᠦ ᠶᠢ ᠰᠢᠩᠭᠡᠭᠡᠬᠦ ᠳᠤ ᠵᠠᠷᠤᠴᠠᠭᠤᠯᠬᠤ ᠢᠯᠴᠢ ᠶᠢᠨ ᠬᠡᠮᠵᠢᠶ᠎ᠡ ᠠᠴᠠ ᠢᠯᠡᠭᠦᠦ ᠪᠠᠶᠢᠳᠠᠭ᠃ ᠡᠨᠡ ᠬᠦ ᠨᠡᠮᠡᠭᠳᠡᠬᠦᠯᠬᠦ ᠪᠠ ᠵᠠᠷᠤᠴᠠᠭᠤᠯᠬᠤ ᠪᠠᠷ

ᠲᠠᠮᠵᠢᠨ ᠲᠠᠬᠢᠶᠠᠨ ᠥᠨᠳᠡᠭᠡ ᠦᠨᠡᠬᠡᠷ ᠪᠢᠳᠡᠨ ᠤ ᠢᠯᠴᠢ ᠶᠢᠨ ᠬᠡᠮᠵᠢᠶ᠎ᠡ ᠶᠢ ᠶᠡᠭᠡ ᠪᠠᠷ ᠪᠠᠭᠠᠰᠬᠠᠳᠠᠭ᠃

    3. ᠨᠢᠳᠦ ᠶᠢ ᠬᠡᠭᠡᠨ ᠰᠠᠷᠠᠭᠤᠯ᠂ ᠲᠠᠷᠢᠬᠢ ᠲᠣᠯᠣᠭᠠᠶ ᠶᠢ ᠬᠦᠡᠭᠭᠡᠨ ᠰᠡᠷᠭᠡᠭ ᠪᠤᠯᠭᠠᠳᠠᠭ᠃ ᠲᠠᠬᠢᠶᠠᠨ ᠥᠨᠳᠡᠭᠡᠨ ᠳᠠᠬᠢ ᠸᠢᠲ᠋ᠠᠮᠢᠨ A ᠶᠢᠨ

ᠠᠭᠤᠯᠤᠭᠳᠠᠴᠠ ᠮᠠᠰᠢ ᠥᠨᠳᠥᠷ ᠪᠠᠶᠢᠵᠦ᠂ ᠡᠳᠦᠷ ᠲᠤᠲᠤᠮ ᠤᠨ ᠢᠳᠡᠭᠡᠨ ᠤ ᠳᠣᠲᠣᠷᠠᠬᠢ ᠸᠢᠲ᠋ᠠᠮᠢᠨ A ᠶᠢ ᠨᠦᠬᠦᠬᠦ ᠰᠠᠶᠢᠨ ᠰᠤᠩᠭᠤᠯᠳᠠ ᠶᠤᠮ᠃

ᠸᠢᠲ᠋ᠠᠮᠢᠨ A ᠶᠢᠨ ᠠᠭᠤᠯᠤᠭᠳᠠᠴᠠ ᠪᠠᠷ ᠲᠦᠢᠯ ᠤᠨ ᠥᠨᠳᠥᠷ ᠠᠮᠢᠲᠠᠨ ᠤ ᠡᠯᠢᠭᠡ ᠲᠠᠢ ᠬᠠᠷᠢᠴᠠᠭᠤᠯᠪᠠᠯ᠂ ᠲᠠᠬᠢᠶᠠᠨ ᠥᠨᠳᠡᠭᠡ ᠶᠢᠨ ᠳᠠᠪᠠᠭᠤᠯᠢᠭ

ᠲᠠᠯ᠎ᠠ ᠨᠢ ᠡᠯᠢᠭᠡ ᠰᠢᠭ ᠲᠡᠶᠢᠮᠦ ᠠᠮᠠᠷᠬᠠᠨ ᠬᠡᠮᠵᠢᠶ᠎ᠡ ᠠᠴᠠ ᠬᠡᠲᠦᠷᠡᠲᠡᠯ᠎ᠡ ᠰᠢᠩᠭᠡᠭᠡᠳᠡᠭ ᠥᠬᠡᠶ᠃ ᠥᠨᠳᠡᠭᠡᠨ ᠹᠣᠰᠹᠣᠷᠲᠤ ᠥᠭᠡᠬᠦ ᠪᠣᠯ ᠲᠠᠬᠢᠶᠠᠨ

ᠥᠨᠳᠡᠭᠡᠨ ᠤ ᠳᠣᠲᠣᠷᠠᠬᠢ ᠣᠨᠴᠠ ᠬᠤᠪᠤᠷ ᠨᠢᠭᠡ ᠵᠦᠢᠯ ᠤᠨ ᠰᠢᠮ᠎ᠡ ᠲᠡᠵᠢᠭᠡᠯ ᠤᠨ ᠡᠳ᠋ ᠪᠠᠶᠢᠵᠤ᠂ ᠶᠡᠭᠡ ᠲᠠᠷᠢᠬᠢᠨ ᠤ ᠮᠡᠳᠡᠷᠡᠯ ᠤᠨ ᠡᠰ ᠲᠤ ᠰᠢᠮ᠎ᠡ

ᠲᠡᠵᠢᠭᠡᠯ ᠬᠠᠩᠭᠠᠳᠠᠭ᠃ ᠡᠳᠦᠷ ᠪᠦᠷᠢ ᠨᠢᠭᠡ ᠲᠠᠬᠢᠶᠠᠨ ᠥᠨᠳᠡᠭᠡ ᠢᠳᠡᠬᠦ ᠨᠢ ᠴᠡᠭᠡᠵᠢᠯᠡᠬᠦ ᠴᠢᠳᠠᠪᠤᠷᠢ ᠮᠠᠭᠤᠳᠠᠬᠤ ᠶᠢ ᠰᠡᠷᠭᠡᠶᠢᠯᠡᠵᠦ᠂ ᠲᠠᠨᠢᠨ

ᠮᠡᠳᠡᠬᠦᠢ ᠶᠢᠨ ᠴᠢᠳᠠᠪᠤᠷᠢ ᠶᠢᠨ ᠰᠠᠭᠠᠲᠠᠯ ᠢ ᠰᠡᠷᠭᠡᠶᠢᠯᠡᠬᠦ ᠳᠤ ᠪᠠᠰᠠ ᠵᠣᠬᠢᠬᠤ ᠬᠡᠮᠵᠢᠶᠡᠨ ᠤ ᠠᠴᠢ ᠲᠤᠰᠠ ᠲᠠᠢ᠃

    ᠢᠳᠡᠬᠦ ᠠᠷᠭ᠎ᠠ ᠠᠳᠠᠯᠢ ᠪᠤᠰᠤ ᠪᠤᠯᠪᠠᠯ ᠲᠠᠬᠢᠶᠠᠨ ᠥᠨᠳᠡᠭᠡᠨ ᠤ ᠰᠢᠮ᠎ᠡ ᠲᠡᠵᠢᠭᠡᠯ ᠬᠡᠳᠦᠢ ᠶᠡᠭᠡ ᠵᠦᠷᠢᠶ᠎ᠡ ᠲᠠᠢ ᠪᠠᠶᠢᠳᠠᠭ ᠢ ᠮᠡᠳᠡᠨ᠎ᠡ ᠤᠤ︖

    1. ᠬᠠᠭᠠᠷᠢᠭᠰᠠᠨ ᠥᠨᠳᠡᠭᠡ᠂ ᠲᠣᠰᠣᠨ ᠳᠤ ᠪᠤᠴᠠᠯᠭᠠᠭᠰᠠᠨ ᠥᠨᠳᠡᠭᠡ᠃ ᠬᠠᠭᠠᠷᠢᠭᠰᠠᠨ ᠥᠨᠳᠡᠭᠡ ᠪᠠ ᠲᠣᠰᠣᠨ ᠳᠤ ᠪᠤᠴᠠᠯᠭᠠᠭᠰᠠᠨ ᠥᠨᠳᠡᠭᠡ ᠶᠢᠨ

ᠥᠭᠡᠬᠦ ᠶᠢᠨ ᠠᠭᠤᠯᠤᠭᠳᠠᠴᠠ ᠨᠢ ᠬᠡᠲᠦᠷᠬᠡᠶ ᠥᠨᠳᠥᠷ ᠪᠠᠶᠢᠵᠦ ᠴᠢᠰᠤᠨ ᠤ ᠥᠭᠡᠬᠦ᠂ ᠪᠡᠶ᠎ᠡ ᠶᠢᠨ ᠬᠦᠨᠳᠦ ᠶᠢ ᠬᠢᠵᠠᠭᠠᠷᠯᠠᠬᠤ ᠳᠤ ᠪᠦᠷ ᠠᠰᠢᠭ ᠥᠬᠡᠶ᠃

ᠡᠭᠦᠨ ᠠᠴᠠ ᠭᠠᠳᠠᠨ᠎ᠠ ᠬᠠᠭᠠᠷᠢᠵᠤ ᠪᠤᠴᠠᠯᠭᠠᠬᠤ ᠶᠠᠪᠤᠴᠠ ᠳᠤ᠂ ᠳᠤᠯᠠᠭᠠᠨ ᠤ ᠬᠡᠮᠵᠢᠶ᠎ᠡ ᠨᠢ ᠬᠡᠲᠦ ᠥᠨᠳᠥᠷ ᠠᠴᠠ ᠪᠣᠯᠵᠣ᠂ ᠪᠤᠨᠽᠤ ᠫᠢᠷᠤᠨ ᠮᠡᠲᠦ ᠶᠢᠨ

ᠥᠮᠡᠨ ᠡᠭᠦᠰᠭᠡᠬᠦ ᠪᠣᠳᠠᠰ ᠡᠭᠦᠰᠴᠦ ᠮᠡᠳᠡᠨ᠎ᠡ᠃

    2. ᠰᠢᠭᠦᠷᠭᠡᠶ ᠥᠨᠳᠡᠭᠡ᠃ ᠢᠩᠭᠢᠵᠦ ᠢᠳᠡᠬᠦ ᠨᠢ ᠢᠳᠡᠭᠡᠨ ᠤ ᠠᠮᠤᠷ ᠲᠦᠪᠰᠢᠨ ᠤ ᠲᠠᠯ᠎ᠠ ᠪᠠᠷ ᠮᠠᠰᠢ ᠶᠡᠭᠡ ᠲᠦᠭᠰᠢᠭᠦᠷᠢ ᠲᠠᠢ᠃ ᠨᠢᠭᠡ ᠲᠠᠯ᠎ᠠ ᠪᠠᠷ᠂

ᠪᠦᠷᠢᠮᠦᠰᠦᠨ ᠪᠤᠯᠭᠤᠭᠰᠠᠨ ᠥᠬᠡᠶ ᠲᠠᠬᠢᠶᠠᠨ ᠥᠨᠳᠡᠭᠡᠨ ᠤ ᠳᠣᠲᠣᠷ᠎ᠠ ᠰᠠᠯᠮᠤᠨᠧᠯ ᠪᠠᠺᠲ᠋ᠧᠷᠢ ᠵᠡᠷᠭᠡ ᠡᠪᠡᠳᠴᠢᠯᠡᠭᠦᠯᠬᠦ ᠪᠠᠺᠲ᠋ᠧᠷᠢ ᠠᠭᠤᠯᠵᠤ ᠮᠡᠳᠡᠨ᠎ᠡ᠂

ᠬᠡᠷᠪᠡ ᠬᠢᠴᠢᠶᠡᠮᠵᠢ ᠥᠬᠡᠶ ᠠᠴᠠ ᠪᠣᠯᠵᠣ ᠬᠠᠯᠳᠠᠪᠤᠷᠢᠯᠠᠭᠳᠠᠪᠠᠯ ᠢᠳᠡᠭᠡᠨ ᠳᠤ ᠬᠤᠸ᠋ᠷᠳᠠᠭᠳᠠᠬᠤ ᠠᠶᠤᠯ ᠲᠠᠢ᠃ ᠳᠠᠷᠠᠭ᠎ᠠ ᠳᠤᠨᠢ᠂ ᠪᠤᠯᠭᠤᠭᠰᠠᠨ ᠲᠠᠬᠢᠶᠠᠨ

ᠥᠨᠳᠡᠭᠡ ᠨᠢ ᠲᠦᠭᠦᠬᠡᠶ ᠲᠠᠬᠢᠶᠠᠨ ᠥᠨᠳᠡᠭᠡ ᠶᠢᠨ ᠤᠭᠤᠷᠠᠭ ᠤᠨ ᠠᠰᠢᠭᠯᠠᠮᠵᠢ ᠠᠴᠠ ᠬᠤᠯᠠ ᠥᠨᠳᠥᠷ᠃ ᠢᠳᠡᠰᠢᠨ ᠨᠣᠭᠤᠭ᠎ᠠ ᠵᠢᠮᠢᠰ ᠤᠨ ᠲᠥᠷᠥᠯ ᠤᠨ

ᠢᠳᠡᠭᠡᠨ ᠲᠠᠢ ᠠᠳᠠᠯᠢ ᠥᠬᠡᠶ ᠨᠢ ᠲᠠᠬᠢᠶᠠᠨ ᠥᠨᠳᠡᠭᠡ ᠶᠢ ᠬᠠᠯᠠᠭᠠᠵᠤ ᠪᠣᠯᠭᠤᠪᠠᠯ ᠰᠢᠮ᠎ᠡ ᠲᠡᠵᠢᠭᠡᠯ ᠤᠨ ᠬᠤᠬᠢᠷᠠᠯ ᠥᠬᠡᠶ ᠮᠥᠷᠲᠡᠭᠡᠨ ᠤᠭᠤᠷᠠᠭ ᠨᠢ

ᠬᠥᠮᠦᠨ ᠤ ᠪᠡᠶ᠎ᠡ ᠶᠢᠨ ᠰᠢᠩᠭᠡᠭᠡᠬᠦ ᠳᠤ ᠨᠠᠩ ᠲᠥᠬᠦᠮ ᠪᠣᠯᠵᠣ᠂ ᠠᠰᠢᠭᠯᠠᠮᠵᠢ ᠶᠢ ᠨᠢ ᠶᠡᠭᠡ ᠪᠠᠷ ᠳᠡᠭᠡᠭᠰᠢᠯᠡᠭᠦᠯᠦ᠋ᠨ᠎ᠡ᠃ ᠡᠩ ᠤᠨ ᠪᠠᠶᠢᠳᠠᠯ ᠳᠤ ᠲᠠᠬᠢᠶᠠᠨ

ᠥᠨᠳᠡᠭᠡ ᠴᠢᠨᠠᠬᠤ ᠴᠠᠭ ᠢ ᠬᠡᠲᠦᠷᠬᠡᠶ ᠣᠷᠳᠣ ᠪᠠᠶᠢᠯᠭᠠᠵᠤ ᠪᠣᠯᠬᠤ ᠥᠬᠡᠶ ︵7 — 8 ᠮᠢᠨᠦ᠋ᠲ ᠪᠠᠶᠢᠪᠠᠯ ᠵᠣᠬᠢᠨ᠎ᠠ︶᠃

   3. ᠨᠡᠪᠴᠢᠬᠦᠯᠦᠭᠰᠡᠨ ᠲᠠᠬᠢᠶᠠᠨ ᠥᠨᠳᠡᠭᠡ᠃ ᠨᠡᠪᠴᠢᠬᠦᠯᠦᠭᠰᠡᠨ ᠲᠠᠬᠢᠶᠠᠨ ᠥᠨᠳᠡᠭᠡ ᠪᠣᠯ ᠶᠡᠷᠦ ᠳᠡᠭᠡᠨ ᠲᠠᠬᠢᠶ᠎ᠠ ᠲᠡᠵᠢᠭᠡᠬᠦ ᠲᠠᠯᠠᠪᠠᠶ ᠳᠤ ᠡᠪᠡᠳᠴᠢᠨ

ᠡᠭᠦᠰᠭᠡᠬᠦ ᠪᠠᠺᠲ᠋ᠧᠷᠢ ᠳᠤ ᠬᠠᠯᠳᠠᠪᠤᠷᠢᠯᠠᠭᠳᠠᠭᠰᠠᠨ ᠠᠴᠠ ᠪᠣᠯᠵᠣ ᠪᠤᠶᠢᠵᠢᠵᠤ ᠪᠣᠯᠪᠠᠰᠤᠷᠠᠬᠤ ᠶᠢᠨ ᠠᠷᠭ᠎ᠠ ᠥᠬᠡᠶ ᠬᠠᠯᠢᠰᠤ ᠶᠢ ᠨᠢ ᠬᠠᠭᠠᠯᠤᠭᠠᠳ

ᠰᠢᠭᠰᠢᠭᠳᠡᠭᠰᠡᠨ ᠲᠠᠬᠢᠶᠠᠨ ᠥᠨᠳᠡᠭᠡ ᠪᠣᠯᠤᠨ᠎ᠠ᠃ ᠡᠶᠢᠮᠦ ᠠᠴᠠ ᠨᠡᠪᠴᠢᠬᠦᠯᠦᠭᠰᠡᠨ ᠲᠠᠬᠢᠶᠠᠨ ᠥᠨᠳᠡᠭᠡ ᠢᠳᠡᠪᠡᠯ ᠡᠪᠡᠳᠴᠢᠨ ᠡᠭᠦᠰᠭᠡᠬᠦ ᠪᠠᠺᠲ᠋ᠧᠷᠢ ᠳᠤ

ᠨᠡᠷᠪᠡᠭᠳᠡᠬᠦ ᠤᠰᠤᠯ ᠦᠨᠳᠦᠷ᠃ ᠡᠭᠦᠨ ᠠᠴᠠ ᠭᠠᠳᠠᠨ᠎ᠡ᠂ ᠴᠤᠷᠪᠠᠭ᠎ᠠ ᠶᠢᠨ ᠪᠤᠶᠢᠵᠢᠯᠲᠠ ᠠᠴᠠ ᠪᠣᠯᠵᠣ᠂ ᠨᠡᠪᠴᠢᠬᠦᠯᠦᠭᠰᠡᠨ ᠲᠠᠬᠢᠶᠠᠨ ᠥᠨᠳᠡᠭᠡ ᠶᠢᠨ

ᠳᠣᠲᠣᠷᠠᠬᠢ ᠴᠢᠨᠠᠷ ᠰᠠᠶᠢᠲᠠᠶ ᠤᠭᠤᠷᠠᠭ ᠵᠡᠷᠭᠡ ᠰᠢᠮ᠎ᠡ ᠲᠡᠵᠢᠭᠡᠯᠲᠦ ᠪᠣᠳᠠᠰ ᠨᠢ ᠦᠨᠳᠦᠰᠦᠨ ᠳᠡᠭᠡᠨ ᠬᠤᠷᠣᠭᠳᠠᠨ ᠲᠠᠭᠤᠰᠴᠦ᠂ ᠦᠯᠡᠳᠡᠭᠰᠡᠨ ᠰᠢᠮ᠎ᠡ

ᠲᠡᠵᠢᠭᠡᠯ ᠨᠢ ᠡᠩ ᠤᠨ ᠲᠠᠬᠢᠶᠠᠨ ᠥᠨᠳᠡᠭᠡ ᠶᠢ ᠬᠥᠷᠬᠦ ᠥᠬᠡᠶ ᠪᠤᠯᠳᠠᠭ᠃

   ᠦᠨᠳᠡᠭᠡ ᠶᠢ ᠴᠢᠨᠠᠵᠦ ᠵᠢᠩᠨᠡᠬᠦ ᠳᠡᠭᠡᠨ ᠲᠣᠰᠣ ᠬᠡᠷᠡᠭᠯᠡᠬᠦ ᠬᠡᠷᠡᠭ ᠥᠬᠡᠶ᠂ ᠵᠣᠬᠢᠬᠤ ᠬᠡᠮᠵᠢᠶᠡᠨ ᠤ ᠠᠮᠲᠠ ᠣᠷᠣᠭᠤᠯᠬᠤ ᠡᠳ᠋ ᠪᠠ ᠨᠣᠭᠤᠭ᠎ᠠ᠂ ᠮᠢᠬᠠᠨ ᠤ

ᠵᠦᠢᠯ᠂ ᠵᠢᠱᠢᠶᠡᠯᠡᠪᠡᠯ ᠴᠠᠶ ᠲᠠᠢ ᠴᠢᠨᠠᠬᠤ᠂ ᠨᠣᠭᠤᠭ᠎ᠠ ᠪᠤᠶᠤ ᠮᠥᠭᠦ ᠲᠠᠢ ᠵᠢᠩᠨᠡᠬᠦ᠂ ᠰᠠᠮ ᠬᠤᠷᠣᠬᠠᠶ ᠶᠢᠨ ᠴᠥᠮ᠎ᠡ ᠲᠠᠢ ᠵᠢᠩᠨᠡᠵᠦ ᠢᠳᠡᠪᠡᠯ ᠠᠮᠲᠠᠲᠠᠶ

ᠪᠥᠭᠡᠳ ᠰᠢᠮ᠎ᠡ ᠲᠡᠵᠢᠭᠡᠯ ᠦᠨᠳᠦᠷ ᠶᠤᠮ᠃

    ︵︽ᠠᠷᠠᠳ ᠤᠨ ᠡᠳᠦᠷ ᠤᠨ ᠰᠤᠨᠢᠨ︾ ᠵᠢᠷᠬᠢᠶ᠎ᠡ ᠶᠢᠨ ᠲᠠᠪᠴᠠᠩ ᠠᠴᠠ ᠤᠷᠴᠢᠭᠤᠯᠤᠨ ᠨᠠᠶᠢᠷᠠᠭᠤᠯᠪᠠ︶

ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ