【 ᠤᠷᠠᠳ ᠠᠷᠠᠳ ᠤᠨ ᠳᠠᠭᠤᠤ】 ᠴᠡᠩᠬᠡᠷ ᠴᠠᠭᠠᠨ ᠡᠭᠦᠯᠡ
ᠨᠡᠶᠢᠲᠡᠯᠡᠭᠰᠡᠨ ᠴᠠᠭ᠄
2023/8/7
 ᠴᠡᠩᠬᠡᠷ ᠴᠠᠭᠠᠨ  ᠡᠭᠦᠯᠡᠨ ᠠᠴᠠ ᠴᠢᠭᠢᠭ ᠬᠤᠷ᠎ᠠ ᠤᠷᠤᠳᠠᠭ ᠶᠤᠮ ᠳ᠋ᠠ ᠴᠢᠩᠳᠠ ᠰᠡᠳᠭᠢᠯ ᠵᠠᠩ ᠢᠶᠠᠷ ᠢᠶᠠᠨ ᠪᠠᠶᠢᠪᠠᠯ ᠴᠢᠭᠯᠡᠭᠡᠳ ᠢᠷᠡᠳᠡᠭ ᠶᠤᠮ ᠳ᠋ᠠ      ᠪᠠᠳᠠᠷᠠᠩᠭᠤᠢ ᠡᠭᠦᠯᠡᠨ ᠠᠴᠠ       ᠪᠣᠷᠤᠭᠠᠨ ᠨᠢ ᠣᠷᠤᠳᠠᠭ ᠶᠤᠮ ᠳ᠋ᠠ      ᠪᠠᠲᠤ ᠰᠡᠳᠭᠢᠯ ᠵᠠᠩ ᠢᠶᠠᠷ ᠢᠶᠠᠨ ᠪᠠᠶᠢᠪᠠᠯ       ᠪᠤᠴᠠᠭᠠᠳ ᠢᠷᠡᠳᠡᠭ ᠶᠤᠮ ᠳ᠋ᠠ ᠦᠨᠳᠦᠷ ᠲᠡᠭᠷᠢ ᠶᠢᠨ ᠡᠭᠦᠯᠡᠨ ᠠᠴᠠ ᠬᠤᠷ᠎ᠠ ᠨᠢ ᠣᠷᠤᠳᠠᠭ ᠶᠤᠮ ᠳ᠋ᠠ ᠦᠨᠡᠨ ᠰᠡᠳᠭᠢᠯ ᠵᠠᠩ  ᠢᠶᠠᠷ ᠢᠶᠠᠨ ᠪᠠᠶᠢᠪᠠᠯ ᠡᠷᠭᠢᠭᠡᠳ ᠢᠷᠡᠳᠡᠭ ᠶᠤᠮ ᠳ᠋ᠠ     ᠠᠭᠠᠷ ᠭᠡᠭᠴᠢ ᠤᠭᠲᠠᠷᠭᠤᠢ ᠠᠴᠠ     ᠷᠠᠰᠢᠶᠠᠨ ᠬᠠᠶᠢᠷᠠᠯᠠᠳᠠᠭ ᠶᠤᠮ ᠳ᠋ᠠ     ᠠᠮᠠᠷᠠᠭ ᠰᠡᠳᠭᠢᠯ ᠵᠠᠩ ᠢᠶᠠᠷ ᠢᠶᠠᠨ ᠪᠠᠶᠢᠪᠠᠯ     ᠠᠬᠢᠭᠠᠳ ᠢᠷᠡᠳᠡᠭ ᠶᠤᠮ ᠳ᠋ᠠ ᠭᠠᠩᠭᠠᠷ ᠭᠤᠩᠭᠠᠷ ᠭᠠᠯᠠᠭᠤ ᠰᠢᠪᠠᠭᠤ ᠨᠢ ᠭᠠᠵᠠᠷ  ᠲᠠᠭᠠᠨ ᠶᠠᠪᠤᠬᠤ ᠶᠤᠮ ᠪᠠᠶᠢᠨ᠎ᠠ ᠭᠠᠩᠭᠠᠩ ᠵᠠᠩ ᠲᠠᠢ ᠰᠡᠷᠡᠩᠪᠤᠤ ᠠᠵᠠᠢ ᠭᠡᠷ ᠲᠡᠭᠡᠨ ᠬᠠᠷᠢᠬᠤ ᠶᠤᠮ ᠪᠠᠶᠢᠨ᠎ᠠ     ᠰᠠᠭᠠᠯᠢ ᠪᠠᠨ ᠪᠠᠷᠢᠭᠠᠳ ᠰᠠᠷᠬᠤᠳ ᠤᠨ ᠳᠡᠭᠡᠵᠢ ᠪᠠᠷ     ᠰᠠᠭᠠᠲᠠᠭᠤᠯᠵᠤ ᠪᠠᠶᠢᠬᠤᠯᠠᠷ ᠬᠦ᠋     ᠰᠠᠭᠠᠳ ᠨᠢ ᠣᠷᠤᠭᠰᠠᠨ ᠰᠡᠳᠡᠩ ᠦᠵᠡᠩ ᠨᠢ      ᠰᠠᠨᠳᠤᠷᠤᠭᠤᠯᠤᠭᠠᠳ ᠭᠤᠷᠢ ᠦᠭᠡᠢ ᠪᠠᠶᠢᠨ᠎ᠠ ᠠᠯᠲᠠᠨ ᠲᠣᠷᠭᠠᠨ ᠬᠠᠳᠠᠭ  ᠢᠶᠠᠷ ᠨᠢ ᠠᠮᠤᠷ ᠢ ᠨᠢ ᠠᠰᠠᠭᠤᠭᠰᠠᠨ ᠶᠤᠮ ᠠᠮᠤᠷ ᠤᠨ  ᠬᠠᠳᠠᠭ ᠤᠨ ᠬᠠᠷᠢᠭᠤ ᠳᠤᠨᠢ ᠬᠦᠬᠦᠦᠷ ᠤᠨ ᠲᠠᠯᠢᠶᠠᠷ ᠢᠷᠡᠭᠰᠡᠨ ᠶᠤᠮ     ᠰᠠᠭᠯᠠᠭᠠᠷ ᠮᠣᠳᠤᠨ ᠤ ᠰᠡᠭᠦᠳᠡᠷ ᠳᠣᠣᠷ᠎ᠠ ᠨᠢ     ᠵᠢᠭᠠᠬᠠᠨ ᠰᠠᠭᠤᠶ᠎ᠠ ᠬᠦᠢ     ᠰᠠᠯᠤᠭᠠᠳ ᠶᠠᠪᠤᠬᠤ ᠬᠡᠳᠦᠨ ᠦᠭᠡ ᠪᠠᠨ     ᠬᠡᠯᠡᠯᠴᠡᠭᠡᠳ ᠮᠣᠷᠳᠠᠶ᠎ᠠ ᠳ᠋ᠤᠤ ᠬᠤᠯᠠ ᠶᠢᠨ ᠵᠠᠮ ᠳᠠᠭᠠᠨ ᠶᠠᠪᠤᠨ᠎ᠠ ᠭᠡᠳ ᠬᠤᠷᠳᠤᠨ ᠬᠦᠯᠦᠭ  ᠢᠶᠠᠨ ᠤᠨᠤᠭᠰᠠᠨ ᠶᠤᠮ ᠳ᠋ᠠ ᠬᠤᠶᠠᠷ ᠡᠳᠦᠷ ᠤᠨ ᠠᠶᠠᠨ ᠳᠠᠭᠠᠨ ᠬᠤᠴᠤᠷᠤᠯ ᠦᠭᠡᠢ ᠬᠦᠷᠦᠭᠡᠳ ᠤᠴᠢᠭᠰᠠᠨ ᠶᠤᠮ      ᠢᠩᠭᠢᠭᠰᠡᠭᠡᠷ ᠲᠡᠭᠡᠭᠰᠡᠭᠡᠷ ᠪᠠᠶᠢᠭᠠᠳ      ᠡᠷᠭᠢᠵᠦ ᠶᠠᠪᠤᠬᠤ ᠳᠠᠭᠠᠨ ᠬᠦᠷᠦᠯ᠎ᠡ ᠳ᠋ᠡ      ᠡᠯᠢᠭᠡ ᠵᠢᠷᠦᠬᠡ ᠳᠣᠲᠤᠷ᠎ᠠ ᠠᠴᠠ ᠮᠢᠨᠢ      ᠰᠢᠮᠰᠢᠷᠡᠭᠡᠳ ᠪᠠᠶᠢᠬᠤ ᠶᠤᠮ ᠦᠷᠭᠡᠨ ᠳᠡᠯᠡᠬᠡᠢ ᠳᠤ ᠦᠨᠳᠦᠷ ᠮᠤᠨᠠ ᠦᠵᠡᠰᠭᠦᠯᠡᠩ ᠰᠠᠶᠢᠬᠠᠨ ᠳ᠋ᠠ ᠦᠩᠰᠢᠭ ᠰᠠᠶᠢᠬᠠᠨ ᠡᠪᠡᠰᠦ ᠪᠡᠯᠴᠢᠭᠡᠷ ᠲᠠᠢ ᠰᠠᠭᠤᠯᠠᠯᠲᠠᠢ ᠨᠤᠲᠤᠭ ᠡ ᠬᠦ᠋      ᠠᠭᠠᠷ ᠭᠡᠭᠴᠢ ᠣᠭᠲᠠᠷᠭᠤᠢ ᠠᠴᠠ      ᠡᠭᠦᠯᠡ ᠨᠢ ᠭᠠᠷᠳᠠᠭ ᠶᠤᠮ ᠳ᠋ᠠ      ᠠᠯᠪᠠ ᠶᠢᠨ ᠨᠦᠬᠦᠷ ᠰᠡᠷᠡᠩᠪᠤᠤ ᠠᠵᠠᠢ ᠮᠢᠨᠢ      ᠠᠮᠤᠷᠬᠠᠨ ᠰᠠᠶᠢᠬᠠᠨ ᠰᠠᠭᠠᠲᠠᠭᠠᠷᠠᠢ ᠠᠭᠤᠯᠵᠠᠬᠤ ᠶᠢᠨ ᠪᠡᠯᠭᠡ ᠨᠢ ᠤᠯᠠᠭᠠᠨ ᠬᠠᠪᠲᠠᠭ᠎ᠠ ᠪᠠᠨ ᠤᠶᠠᠭᠠᠳ ᠦᠭᠭᠦᠭᠰᠡᠨ ᠳᠤ ᠣᠴᠢᠭᠰᠠᠨ ᠬᠤᠶᠢᠨ᠎ᠠ ᠪᠠᠨ ᠡᠷᠭᠢᠭᠡᠳ ᠢᠷᠡᠬᠦ ᠪᠠᠨ ᠦᠪᠡᠷ ᠢᠶᠠᠨ ᠮᠡᠳᠡᠭᠡᠷᠡᠢ      ᠬᠠᠨᠢᠯᠠᠬᠤ ᠶᠢᠨ ᠪᠡᠯᠭᠡ ᠨᠢ      ᠬᠤᠸᠠᠷᠲᠠᠢ ᠬᠠᠪᠲᠠᠭ᠎ᠠ ᠪᠠᠨ ᠤᠶᠠᠭᠠᠳ ᠦᠭᠭᠦᠭᠰᠡᠨ      ᠬᠠᠷᠢᠭᠰᠠᠨ ᠬᠤᠶᠢᠨ᠎ᠠ ᠡᠷᠭᠢᠭᠡᠳ ᠢᠷᠡᠬᠦ ᠪᠠᠨ      ᠬᠠᠷᠢᠨ ᠦᠪᠡᠷ ᠢᠶᠠᠨ ᠮᠡᠳᠡᠭᠡᠷᠡᠢ ᠬᠤᠷᠮᠤᠰᠳᠠ ᠲᠡᠭᠷᠢ ᠶᠢᠨ ᠡᠭᠦᠯᠡ ᠬᠤᠷ᠎ᠠ ᠪᠠᠨ ᠬᠠᠶᠢᠷᠠᠯᠠᠳᠠᠭ ᠶᠤᠮ ᠬᠤᠩᠭᠤᠷ ᠪᠠᠭ᠎ᠠ ᠬᠤᠪᠢᠯᠴᠡᠴᠡᠭ ᠲᠡᠭᠡᠨ ᠬᠤᠷᠳᠤᠨ ᠢᠷᠡᠭᠡᠷᠡᠢ      ᠵᠢᠭᠦᠷᠲᠡᠨ ᠰᠢᠪᠠᠭᠤ ᠨᠢ ᠵᠢᠷᠭᠢᠭᠡᠳ ᠢᠷᠡᠪᠡᠯ      ᠵᠦᠯᠭᠡᠨ ᠳᠤᠮᠳᠠ ᠪᠠᠨ ᠪᠠᠶᠢᠬᠤ ᠶᠤᠮ      ᠵᠢᠷᠤᠭ ᠪᠣᠯᠤᠭᠰᠠᠨ ᠰᠡᠷᠡᠩᠪᠤᠤ ᠠᠵᠠᠢ ᠮᠢᠨᠢ      ᠵᠡᠭᠦᠳᠦᠨ ᠠᠴᠠ ᠭᠠᠷᠬᠤ ᠦᠭᠡᠢ ᠶᠤᠮ ᠡ ᠶᠤᠮ᠃
斯仁宝之歌.png
 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ