【 ᠤᠷᠠᠳ ᠠᠷᠠᠳ ᠤᠨ ᠳᠠᠭᠤᠤ】 ᠭᠤᠷᠪᠠᠨ ᠰᠠᠶᠢᠬᠠᠨ ᠬᠡᠭᠡᠷ
ᠨᠡᠶᠢᠲᠡᠯᠡᠭᠰᠡᠨ ᠴᠠᠭ᠄
2023/8/7
 ᠭᠤᠷᠪᠠᠨ ᠰᠠᠶᠢᠬᠠᠨ ᠬᠡᠭᠡᠷ ᠮᠤᠷᠢ ᠶᠢ ᠪᠠᠨ ᠭᠤᠪᠢᠯ ᠲᠠᠢ ᠳᠠᠷᠭᠤᠨ ᠳᠤᠨᠢ ᠣᠨᠤᠶ᠎ᠠ ᠯᠠ ᠭᠡᠰᠡᠨ ᠶᠤᠮ ᠬᠦ᠋ ᠠᠬ᠎ᠠ ᠳᠡᠭᠦᠦ ᠭᠤᠷᠪᠠᠭᠤᠯᠠ ᠶᠢ ᠰᠠᠶᠢᠬᠠᠨ ᠴᠦ ᠦᠰᠭᠡᠭᠰᠡᠨ ᠠᠪᠤ ᠡᠵᠢ ᠯᠡ ᠬᠤᠶᠠᠷ ᠶᠤᠮ ᠬᠦ᠋ ᠳᠦᠷᠪᠡᠨ ᠰᠠᠶᠢᠬᠠᠨ ᠬᠡᠭᠡᠷ ᠮᠣᠷᠢ ᠶᠢ ᠪᠠᠨ ᠳᠤᠷᠪᠢ ᠲᠠᠢ ᠲᠠᠷᠭᠤ ᠲᠠᠢ ᠤᠨᠤᠶ᠎ᠠ ᠯᠡ ᠭᠡᠰᠡᠨ ᠶᠤᠮ ᠬᠦ᠋ ᠠᠬ᠎ᠠ  ᠳᠦᠷᠪᠡᠭᠦᠯᠡ ᠶᠢ ᠰᠠᠶᠢᠬᠠᠨ ᠴᠦ ᠦᠰᠭᠡᠭᠰᠡᠨ ᠠᠪᠤ ᠡᠵᠢ ᠬᠤᠶᠠᠷ ᠶᠤᠮ ᠬᠦ᠋ ᠲᠠᠪᠤᠨ ᠰᠠᠶᠢᠬᠠᠨ ᠬᠡᠭᠡᠷ ᠮᠣᠷᠢ ᠶᠢ ᠪᠠᠨ ᠲᠠᠪᠠᠲᠠᠢ ᠲᠠᠷᠭᠤᠨ ᠳᠤᠨᠢ ᠤᠨᠤᠶ᠎ᠠ ᠯᠠ ᠭᠡᠰᠡᠨ ᠶᠤᠮ ᠬᠦ᠋ ᠠᠬ᠎ᠠ ᠳᠡᠭᠦᠦ  ᠲᠠᠪᠤᠭᠤᠯᠠ ᠶᠢ ᠰᠠᠶᠢᠬᠠᠨ ᠦᠰᠭᠡᠭᠰᠡᠨ ᠠᠪᠤ ᠡᠵᠢ ᠬᠤᠶᠠᠷ ᠶᠤᠮ ᠬᠦ᠋ ᠵᠢᠷᠭᠤᠭᠠᠨ ᠰᠠᠶᠢᠬᠠᠨ  ᠬᠡᠭᠡᠷ ᠮᠣᠷᠢ ᠶᠢ ᠪᠠᠨ ᠵᠣᠬᠢᠰ ᠲᠠᠢ ᠲᠠᠷᠭᠤᠨ ᠳᠤᠨᠢ ᠤᠨᠤᠶ᠎ᠠ ᠯᠡ ᠭᠡᠰᠡᠨ ᠶᠤᠮ ᠬᠦ᠋ ᠠᠬ᠎ᠠ ᠳᠡᠭᠦᠦ  ᠵᠢᠷᠭᠤᠭᠤᠯᠠ ᠶᠢ ᠰᠠᠶᠢᠬᠠᠨ ᠴᠤ ᠦᠰᠭᠡᠭᠰᠡᠨ ᠠᠪᠤ ᠡᠵᠢ ᠬᠤᠶᠠᠷ ᠶᠤᠮ ᠬᠦ᠋   ᠴᠠᠶᠢᠳᠠᠮ ᠬᠡᠭᠡᠷ᠎ᠡ ᠭᠠᠵᠠᠷ ᠳᠡᠭᠡᠷ᠎ᠡ ᠴᠠᠶᠢᠯᠭᠠᠭᠤᠯᠤᠭᠰᠠᠨ ᠬᠡᠭᠡᠷ ᠢᠶᠠᠷ ᠢᠶᠠᠨ ᠴᠠᠭᠠᠨ ᠰᠠᠷ᠎ᠠ ᠶᠢᠨ ᠰᠢᠨᠡᠳ ᠲᠡᠭᠡᠨ ᠰᠠᠳᠤᠨ ᠢᠶᠠᠨ ᠡᠷᠭᠢᠶ᠎ᠡ ᠳ᠋ᠠ ᠬᠦ᠋ ᠡᠯᠡᠰᠦᠨ ᠴᠦᠯ ᠭᠠᠵᠠᠷ ᠳᠡᠭᠡᠷ᠎ᠡ ᠡᠩᠬᠡᠯᠵᠡᠭᠦᠯᠦᠭᠰᠡᠨ ᠬᠡᠭᠡᠷ ᠢᠶᠠᠷ ᠢᠶᠠᠨ ᠡᠨᠡ ᠰᠠᠷ᠎ᠠ ᠶᠢᠨ ᠰᠢᠨᠡᠳ ᠲᠡᠭᠡᠨ  ᠡᠵᠢ ᠠᠪᠤ ᠪᠠᠨ ᠡᠷᠭᠢᠶ᠎ᠡ ᠳ᠋ᠠ ᠬᠦ᠋ ᠴᠠᠭᠠᠨ ᠪᠤᠭᠤᠷᠤᠯ ᠠᠵᠢ ᠠᠪᠤ ᠶᠢᠨ ᠢᠶᠠᠨ ᠴᠠᠭᠠᠨ ᠰᠦᠨ ᠤ ᠠᠴᠢ ᠶᠢ ᠬᠠᠷᠢᠭᠤᠯᠤᠶ᠎ᠠ ᠴᠠᠭ ᠴᠠᠭ ᠲᠠᠭᠠᠨ ᠠᠰᠠᠷᠠᠵᠤ ᠪᠠᠶᠢᠭᠠᠳ ᠴᠠᠭᠯᠠᠰᠢ ᠦᠭᠡᠢ ᠪᠤᠶᠠᠨ ᠢ ᠪᠦᠲᠦᠭᠡᠶ᠎ᠡ ᠠᠰᠠᠷᠠᠯ ᠶᠡᠬᠡᠲᠡᠢ ᠠᠪᠤ ᠡᠵᠢ ᠶᠢᠨ ᠢᠶᠠᠨ ᠠᠷᠢᠭᠤᠨ ᠰᠦᠨ ᠤ ᠠᠴᠢ ᠶᠢ ᠬᠠᠷᠢᠭᠤᠯᠠᠶ᠎ᠠ ᠠᠰᠢᠳᠠ ᠰᠠᠶᠢᠬᠠᠨ ᠢᠶᠠᠷ ᠠᠰᠠᠷᠠᠵᠤ ᠪᠠᠶᠢᠭᠠᠳ ᠠᠷᠪᠠᠨ ᠴᠠᠭᠠᠨ ᠪᠤᠶᠠᠨ ᠢ ᠪᠦᠲᠦᠭᠡᠶ᠎ᠡ᠃ 
三批枣红马.png
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ