ᠮᠠᠰᠢ ᠣᠯᠠᠨ ᠬᠥᠮᠦᠨ ᠤ ᠦᠵᠡᠬᠦ ᠪᠠᠷ᠂ ᠴᠢᠰᠤᠨ ᠤ ᠬᠡᠯᠪᠡᠷᠢ ᠶᠢ ᠭᠤᠤᠯᠳᠠᠭᠤ A ᠬᠡᠯᠪᠡᠷᠢ᠂ B ᠬᠡᠯᠪᠡᠷᠢ᠂ AB ᠬᠡᠯᠪᠡᠷᠢ᠂ O ᠬᠡᠯᠪᠡᠷᠢ ᠭᠡᠵᠦ | 4 ᠲᠥᠷᠥᠯ ᠳᠤ ᠬᠤᠪᠢᠶᠠᠨ᠎ᠠ᠃ ᠡᠭᠦᠨ ᠳᠤ AB ᠬᠡᠯᠪᠡᠷᠢ ᠶᠢᠨ ᠬᠥᠮᠦᠨ ᠶᠠᠮᠠᠷ ᠴᠤ ᠬᠡᠯᠪᠡᠷᠢ ᠶᠢᠨ ᠴᠢᠰᠤ ᠶᠡᠭᠦᠯᠡᠬᠦ ᠶᠢ ᠬᠦᠯᠢᠶᠡᠨ ᠠᠪᠴᠤ ᠪᠣᠯᠤᠨ᠎ᠠ᠂ | ᠬᠠᠷᠢᠨ O ᠬᠡᠯᠪᠡᠷᠢ ᠶᠢᠨ ᠴᠢᠰᠤ ᠨᠢ ᠶᠠᠮᠠᠷ ᠴᠤ ᠬᠥᠮᠦᠨ ᠳᠤ ᠶᠡᠭᠦᠯᠡᠨ ᠥᠭᠴᠦ ᠪᠣᠯᠤᠨ᠎ᠠ ᠭᠡᠳᠡᠭ᠃ ᠭᠡᠪᠡᠴᠦ ᠡᠶᠢᠮᠦ ᠪᠤᠳᠤᠯ ᠪᠣᠯ ᠨᠡᠯᠢᠶᠡᠳ | ᠥᠷᠥᠭᠡᠰᠦᠭᠡᠯ ᠶᠤᠮ᠃ | ᠬᠡᠪ ᠤᠨ ᠪᠠᠶᠢᠳᠠᠯ ᠳᠣᠣᠷ᠎ᠠ᠂ A ᠬᠡᠯᠪᠡᠷᠢ ᠶᠢᠨ ᠴᠢᠰᠤ ᠲᠠᠢ ᠬᠥᠮᠦᠨ ᠳᠤ A ᠬᠡᠯᠪᠡᠷᠢ ᠶᠢᠨ ᠴᠢᠰᠤ ᠶᠡᠭᠦᠯᠡᠨ᠎ᠡ᠂ B ᠬᠡᠯᠪᠡᠷᠢ ᠶᠢᠨ ᠴᠢᠰᠤ ᠲᠠᠢ | ᠬᠥᠮᠦᠨ ᠳᠤ B ᠬᠡᠯᠪᠡᠷᠢ ᠶᠢᠨ ᠴᠢᠰᠤ ᠶᠡᠭᠦᠯᠡᠨ᠎ᠡ᠃ ᠬᠡᠷᠪᠡ ᠪᠤᠰᠤᠳ ᠲᠥᠷᠥᠯ ᠤᠨ ᠴᠢᠰᠤ ᠶᠢ ᠶᠡᠭᠦᠯᠡᠪᠡᠯ ᠴᠢᠰᠤᠨ ᠳᠤ ᠤᠷᠪᠠᠯ ᠡᠭᠦᠰᠦᠨ᠎ᠡ᠃ ᠶᠠᠮᠠᠷ | ᠴᠢᠰᠤᠨ ᠬᠡᠯᠪᠡᠷᠢ ᠪᠣᠯᠤᠭᠰᠠᠨ ᠴᠤ ᠪᠦᠷ ᠴᠢᠰᠤ ᠶᠡᠭᠦᠯᠡᠬᠦ ᠠᠴᠠ ᠡᠮᠦᠨ᠎ᠡ ABO ᠪᠠ Rh ᠴᠢᠰᠤᠨ ᠬᠡᠯᠪᠡᠷᠢ ᠶᠢ ᠰᠣᠯᠪᠢᠴᠠᠨ ᠰᠢᠯᠭᠠᠯᠲᠠ ᠬᠢᠨ᠎ᠡ᠂ | ᠬᠡᠷᠪᠡ ᠴᠢᠰᠤᠨ ᠬᠡᠯᠪᠡᠷᠢ ᠶᠢ ᠪᠤᠷᠤᠭᠤ ᠶᠡᠭᠦᠯᠡᠪᠡᠯ᠂ ᠳᠠᠭᠠᠷᠠᠳᠠᠰᠤ ᠬᠦᠷᠬᠦ᠂ ᠶᠡᠭᠡ ᠬᠠᠯᠠᠭᠤᠷᠠᠬᠤ᠂ ᠳᠤᠷ᠎ᠠ ᠪᠤᠯᠭᠢᠬᠤ᠂ ᠪᠥᠭᠡᠯᠵᠢᠬᠦ ᠵᠡᠷᠭᠡ ᠴᠢᠰᠤ | ᠶᠡᠭᠦᠯᠡᠭᠰᠡᠨ ᠲᠤᠰᠬᠠᠯ ᠭᠠᠷᠴᠤ᠂ ᠬᠦᠨᠳᠦ ᠨᠢ ᠦᠬᠦᠬᠦ ᠠᠶᠤᠯᠲᠠᠢ ᠪᠠᠶᠢᠳᠠᠭ᠃ | ᠡᠳᠦᠷ ᠲᠤᠲᠤᠮ ᠤᠨ ᠠᠮᠢᠳᠤᠷᠠᠯ ᠳᠤᠮᠳᠠ᠂ ᠬᠥᠮᠦᠰ ᠤᠨ ᠬᠡᠯᠡᠳᠡᠭ ︽ᠲᠡᠭᠦᠰ ᠴᠢᠳᠠᠪᠤᠷᠢᠲᠤ ᠴᠢᠰᠤ︾ ᠭᠡᠳᠡᠭ ᠨᠢ O ᠬᠡᠯᠪᠡᠷᠢ ᠶᠢᠨ ᠴᠢᠰᠤ ᠶᠢ | ᠵᠢᠭᠠᠵᠤ ᠪᠠᠶᠢᠨ᠎ᠠ᠃ O ᠬᠡᠯᠪᠡᠷᠢ ᠶᠢᠨ ᠴᠢᠰᠤ ᠶᠢ ︽ᠲᠡᠭᠦᠰ ᠴᠢᠳᠠᠪᠤᠷᠢᠲᠤ ᠴᠢᠰᠤ︾ ᠭᠡᠵᠦ ᠦᠵᠡᠵᠦ ᠪᠠᠶᠢᠬᠤ ᠶᠢᠨ ᠤᠴᠢᠷ ᠨᠢ᠂ O ᠬᠡᠯᠪᠡᠷᠢ ᠶᠢᠨ | ᠴᠢᠰᠤᠨ ᠤ ᠤᠯᠠᠭᠠᠨ ᠡᠰ ᠳᠡᠭᠡᠷ᠎ᠡ A᠂ B ᠡᠰᠡᠷᠬᠦ ᠲᠦᠷᠦᠭᠴᠢ ᠪᠠᠶᠢᠬᠤ ᠦᠭᠡᠢ᠂ O ᠬᠡᠯᠪᠡᠷᠢ ᠶᠢᠨ ᠴᠢᠰᠤᠨ ᠤ ᠤᠯᠠᠭᠠᠨ ᠡᠰ ᠢ A᠂ B᠂ AB | ᠬᠡᠯᠪᠡᠷᠢ ᠶᠢᠨ ᠡᠪᠡᠳᠴᠢᠲᠡᠨ ᠳᠤ ᠶᠡᠭᠦᠯᠡᠨ ᠥᠭᠬᠦ ᠶᠢ ᠲᠦᠷ ᠴᠠᠭ ᠤᠨ ᠪᠠᠴᠢᠮ ᠠᠪᠤᠷᠠᠯᠲᠠ ᠳᠤ ᠯᠡ ᠬᠡᠷᠡᠭᠯᠡᠵᠦ ᠪᠣᠯᠤᠨ᠎ᠠ᠃ ᠡᠭᠦᠨ ᠠᠴᠠ ᠪᠣᠯᠵᠦ | ᠡᠮᠴᠢᠯᠡᠭᠡᠨ ᠳᠡᠭᠡᠷ᠎ᠡ ᠦᠷᠭᠦᠯᠵᠢ O ᠬᠡᠯᠪᠡᠷᠢ ᠶᠢᠨ ᠴᠢᠰᠤᠨ ᠤ ︽ᠤᠯᠠᠭᠠᠨ ᠡᠰ ᠢ ᠤᠬᠢᠶᠠᠬᠤ︾ ᠪᠠᠷ A᠂ B᠂ AB ᠬᠡᠯᠪᠡᠷᠢ ᠶᠢᠨ ᠡᠪᠡᠳᠴᠢᠲᠡᠨ ᠳᠤ | ᠴᠢᠰᠤ ᠶᠡᠭᠦᠯᠡᠳᠡᠭ᠃ ᠭᠡᠲᠡᠯ᠎ᠡ ᠡᠶᠢᠮᠦ ᠦᠵᠡᠯᠲᠡ ᠪᠣᠯ ᠲᠤᠩ ᠪᠤᠷᠤᠭᠤ ᠶᠤᠮ᠂ ︽ᠲᠡᠭᠦᠰ ᠴᠢᠳᠠᠯᠲᠤ ᠴᠢᠰᠤ︾ ᠭᠡᠳᠡᠭ ᠨᠢ ᠦᠨᠡᠨ ᠳᠡᠭᠡᠨ ︽ᠲᠡᠭᠦᠰ | ᠴᠢᠳᠠᠯᠲᠤ︾ ᠪᠢᠰᠢ ᠮᠥᠷᠲᠡᠭᠡᠨ ᠲᠤᠩ ᠠᠶᠤᠯᠲᠠᠢ ᠶᠤᠮ᠃ O ᠬᠡᠯᠪᠡᠷᠢ ᠶᠢᠨ ᠴᠢᠰᠤᠨ ᠡᠭᠡᠳᠡᠩ ᠳᠤ A᠂ B ᠶᠢᠨ ᠡᠰᠡᠷᠬᠦ ᠪᠡᠶ᠎ᠡ ᠠᠭᠤᠯᠤᠭᠳᠠᠨ᠎ᠠ᠂ O | ᠬᠡᠯᠪᠡᠷᠢ ᠶᠢᠨ ᠴᠢᠰᠤᠨ ᠡᠭᠡᠳᠡᠩ ᠢ A᠂ B᠂ AB ᠬᠡᠯᠪᠡᠷᠢ ᠶᠢᠨ ᠡᠪᠡᠳᠴᠢᠲᠡᠨ ᠤ ᠪᠡᠶ᠎ᠡ ᠳᠤ ᠶᠡᠭᠦᠯᠡᠪᠡᠯ᠂ ᠲᠡᠷᠡ ᠳᠠᠷᠤᠶ ᠡᠭᠡᠳᠡᠬᠦ ᠤᠷᠪᠠᠯ ᠡᠭᠦᠰᠴᠦ᠂ | ᠴᠢᠰᠤ ᠬᠦᠷᠲᠡᠭᠰᠡᠳ ᠤᠨ ᠤᠯᠠᠭᠠᠨ ᠡᠰ ᠬᠦᠨᠳᠦ ᠨᠣᠴᠢᠲᠠᠶ ᠡᠪᠳᠡᠯᠡᠭᠡ ᠳᠤ ᠤᠴᠠᠷᠠᠵᠤ ᠴᠢᠰᠤ ᠬᠠᠶᠢᠯᠬᠤ ᠪᠣᠯᠤᠨ᠎ᠠ᠃ ᠡᠶᠢᠮᠦ ᠠᠴᠠ O ᠬᠡᠯᠪᠡᠷᠢ ᠶᠢᠨ | ᠴᠢᠰᠤᠨ ᠡᠭᠡᠳᠡᠩ ᠢ ᠪᠤᠰᠤᠳ ᠴᠢᠰᠤᠨ ᠬᠡᠯᠪᠡᠷᠢ ᠶᠢᠨ ᠴᠢᠰᠤ ᠬᠦᠯᠢᠶᠡᠭᠴᠢ ᠳᠤ ᠶᠡᠭᠦᠯᠡᠨ ᠥᠭᠬᠦ ᠶᠢ ᠬᠤᠷᠢᠭᠯᠠᠪᠠᠯ ᠵᠤᠬᠢᠨ᠎ᠠ᠃ | |