ᠡᠳᠤᠷ ᠲᠤᠲᠤᠮ ᠤᠨ ᠠᠮᠢᠳᠤᠷᠠᠯ ᠳᠤᠮᠳᠠ ᠪᠢᠳᠡ ᠮᠠᠰᠢ ᠣᠯᠠᠨ ︽ᠥᠯᠥᠨ︾ ᠴᠡᠭᠡᠷ ᠢ ᠣᠯᠵᠤ ᠰᠣᠨᠣᠰᠳᠠᠭ᠃ ᠥᠯᠥᠨ ᠢᠶᠠᠷ ᠥᠳᠬᠡᠨ ᠴᠠᠶ | ᠶᠡᠭᠡ ᠤᠤᠭᠤᠬᠤ ᠪᠤᠶᠤ ᠺᠣᠹᠧ ᠬᠡᠲᠦᠷᠬᠡᠶ ᠠᠷᠪᠢᠨ ᠤᠤᠭᠤᠪᠠᠯ᠂ ᠵᠢᠷᠦᠬᠡᠨ ᠴᠣᠬᠢᠯᠭ᠎ᠠ ᠲᠦᠷᠭᠡᠰᠴᠦ᠂ ᠴᠡᠭᠡᠵᠢ ᠪᠠᠭᠲᠠᠷᠠᠬᠤ᠂ ᠵᠢᠷᠦᠬᠡ ᠲᠦᠭᠰᠢᠬᠦ ᠵᠡᠷᠭᠡ | ᠡᠪ ᠥᠬᠡᠶ ᠪᠠᠶᠢᠳᠠᠯ ᠢ ᠪᠣᠶ ᠪᠣᠯᠭᠠᠵᠤ ᠮᠡᠳᠡᠨ᠎ᠡ︔ ᠥᠯᠥᠨ ᠢᠶᠠᠷ ᠠᠷᠢᠬᠢ ᠤᠤᠭᠤᠪᠠᠯ ᠠᠮᠠᠷᠬᠠᠨ ᠴᠢᠰᠤᠨ ᠰᠢᠬᠢᠷ ᠳᠣᠣᠷ᠎ᠠ ᠪᠣᠯᠵᠤ᠂ ᠲᠣᠯᠣᠭᠠᠢ ᠡᠷᠭᠢᠬᠦ᠂ | ᠬᠦᠢᠲᠡᠨ ᠬᠥᠯᠥᠰᠥ ᠭᠠᠷᠬᠤ ᠵᠡᠷᠭᠡ ᠡᠪ ᠦᠭᠡᠢ ᠰᠢᠨᠵᠢ ᠲᠡᠮᠳᠡᠭ ᠢᠯᠡᠷᠡᠨ᠎ᠡ᠃ | ᠥᠯᠥᠨ ᠢᠶᠠᠷ ᠰᠠᠷᠢᠮᠰᠠᠭ ᠪᠠ ᠬᠦᠢᠲᠡᠨ ᠢᠳᠡᠭᠡᠨ ᠢᠳᠡᠬᠦ ᠦᠬᠡᠢ ᠪᠣᠯ ᠰᠠᠶᠢᠨ᠃ ᠲᠡᠷᠡ ᠨᠢ ᠬᠤᠳᠣᠭᠤᠳᠣ ᠭᠡᠳᠡᠰᠦᠨ ᠳᠤ ᠰᠡᠳᠦᠯᠲᠡ ᠥᠭᠴᠦ᠂ | ᠤᠳᠠᠭᠠᠨ ᠳᠠᠭᠠᠨ ᠬᠤᠳᠣᠭᠤᠳᠣ ᠭᠡᠳᠡᠰᠦᠨ ᠤ ᠡᠪᠡᠳᠴᠢᠨ ᠢ ᠡᠭᠦᠰᠭᠡᠳᠡᠭ᠃ ᠬᠤᠳᠣᠭᠤᠳᠣ ᠭᠡᠨᠡᠳᠲᠡ ᠬᠦᠢᠲᠡᠨ ᠪᠣᠯᠬᠤ ᠨᠢ ᠵᠢᠷᠦᠬᠡᠨ ᠳᠤ ᠰᠡᠳᠦᠯᠲᠡ | ᠥᠭᠴᠦ ᠮᠡᠳᠡᠨ᠎ᠡ᠃ ᠡᠶᠢᠮᠦ ᠠᠴᠠ ᠬᠦᠢᠲᠡᠨ ᠤᠮᠳᠠᠭᠠᠨ ᠢ ᠬᠠᠮᠤᠭ ᠰᠠᠶᠢᠨ ᠨᠢ ᠬᠤᠶᠠᠷ ᠬᠤᠭᠤᠯᠠᠨ ᠤ ᠳᠤᠮᠳᠠ ᠤᠤᠭᠤᠨ᠎ᠠ᠂ ᠥᠯᠥᠨ ᠦᠶ᠎ᠡ ᠳᠤ᠂ | ᠴᠠᠳᠲᠠᠯ᠎ᠠ ᠢᠳᠡᠭᠰᠡᠨ ᠤ ᠳᠠᠷᠠᠭ᠎ᠠ ᠪᠠ ᠶᠡᠭᠡ ᠬᠥᠯᠥᠰᠥ ᠭᠠᠷᠬᠤ ᠦᠶ᠎ᠡ ᠳᠤ ᠪᠦᠷ ᠤᠤᠭᠤᠵᠤ ᠪᠣᠯᠬᠤ ᠦᠭᠡᠢ᠃ | ᠥᠯᠥᠨ ᠢᠶᠠᠷ ᠲᠥᠪᠡᠳ ᠬᠠᠰᠢ ᠢᠳᠡᠵᠦ ᠪᠣᠯᠤᠨ᠎ᠠ᠃ ᠲᠦᠬᠦᠬᠡᠢ ᠲᠥᠪᠡᠳ ᠬᠠᠰᠢ ᠢᠳᠡᠬᠦ ᠦᠭᠡᠢ ᠪᠣᠶᠣ ᠡᠰᠡᠬᠦᠯ᠎ᠡ ᠨᠢᠭᠡ ᠯᠡ ᠳᠡᠭᠡᠷ᠎ᠡ ᠠᠷᠪᠢᠨ | ᠢᠳᠡᠬᠦ ᠦᠬᠡᠢ ᠪᠣᠯ ᠵᠣᠪᠠᠭ᠋ᠤ ᠬᠡᠷᠡᠭ ᠦᠭᠡᠢ᠃ ᠭᠡᠪᠡᠴᠦ ᠬᠤᠳᠣᠭᠤᠳᠣ ᠭᠡᠳᠡᠰᠦᠨ ᠤ ᠠᠵᠢᠯᠯᠠᠭ᠎ᠠ ᠮᠠᠭᠤ ᠵᠠᠷᠢᠮ ᠬᠥᠮᠦᠰ᠂ ᠵᠢᠱᠢᠶᠡᠯᠡᠪᠡᠯ ᠥᠲᠡᠯᠦᠭᠡ | ᠬᠥᠮᠦᠰ ᠥᠯᠥᠨ ᠢᠶᠠᠷ ᠲᠥᠪᠡᠳ ᠬᠠᠰᠢ ᠶᠢ ᠠᠷᠪᠢᠨ ᠢᠳᠡᠵᠦ ᠪᠣᠯᠬᠤ ᠥᠬᠡᠶ᠃ | ᠶᠡᠭᠡ ᠦᠯᠦᠰᠦᠭᠡᠳ ᠬᠤᠭᠤᠯᠠ ᠢᠳᠡᠬᠦ ᠳᠤ ᠪᠠᠰᠠ ᠡᠮᠦᠨ᠎ᠡ ᠬᠤᠶᠢᠨ᠎ᠠ ᠳᠡᠰ ᠳᠠᠷᠠᠭ᠎ᠠ ᠲᠠᠢ ᠪᠠᠶᠢᠪᠠᠯ ᠵᠤᠬᠢᠨ᠎ᠠ᠃ ᠤᠷᠢᠳ ᠢᠶᠠᠷ ᠨᠣᠭᠤᠭ᠎ᠠ ᠵᠠᠭᠤᠰᠢ | ᠢᠳᠡᠵᠦ᠂ ᠳᠠᠷᠠᠭ᠎ᠠ ᠨᠢ ᠮᠢᠬ᠎ᠠ ᠵᠡᠷᠭᠡ ᠤᠭᠤᠷᠠᠭ ᠲᠠᠢ ᠵᠥᠢᠯᠡᠰ ᠢᠳᠡᠨ᠎ᠡ᠃ ᠬᠡᠷᠪᠡ ᠡᠬᠢᠯᠡᠩᠭᠦᠳᠡ ᠮᠠᠰᠢ ᠣᠯᠠᠨ ᠲᠤᠲᠤᠷᠭᠠᠨ ᠭᠤᠯᠢᠷ ᠤᠨ ᠴᠠᠷᠳᠠᠭᠤᠯ ᠤᠨ | ᠲᠥᠷᠥᠯ ᠤᠨ ᠢᠳᠡᠭᠡᠨ ᠢ ᠢᠳᠡᠪᠡᠯ ᠪᠠᠰᠠ ᠠᠮᠠᠷᠬᠠᠨ ᠴᠢᠰᠤᠨ ᠰᠢᠬᠢᠷ ᠢ ᠲᠦᠷᠭᠡᠨ ᠳᠡᠭᠡᠭᠰᠢᠯᠡᠭᠦᠯᠵᠦ᠂ ᠪᠡᠶ᠎ᠡ ᠶᠢᠨ ᠳᠣᠲᠣᠭᠠᠳᠤ ᠶᠢᠨ ᠨᠦᠢᠷ ᠤᠨ ᠠᠷᠠᠯ ᠳᠤ | ᠰᠡᠳᠦᠯᠲᠡ ᠥᠭᠭᠦᠨ᠎ᠡ᠃ ᠬᠠᠮᠤᠭ ᠰᠡᠭᠦᠯ ᠳᠤ ᠵᠢᠮᠢᠰ ᠢᠳᠡᠪᠡᠯ ᠵᠤᠬᠢᠨ᠎ᠠ᠂ ᠤᠴᠢᠷ ᠨᠢ ᠵᠢᠮᠢᠰ ᠤᠨ ᠰᠢᠬᠢᠷᠯᠢᠭ ᠤᠨ ᠬᠡᠮᠵᠢᠶ᠎ᠡ ᠶᠡᠭᠡ ᠮᠥᠷᠲᠡᠭᠡᠨ ᠪᠦᠷ | ᠠᠮᠠᠷᠬᠠᠨ ᠰᠢᠩᠭᠡᠭᠡᠳᠡᠭ᠂ ᠬᠡᠷᠪᠡ ᠥᠯᠥᠨ ᠢᠶᠠᠷ ᠢᠳᠡᠪᠡᠯ ᠴᠢᠰᠤᠨ ᠰᠢᠬᠢᠷ ᠢ ᠪᠠᠰᠠ ᠠᠮᠠᠷᠬᠠᠨ ᠨᠡᠮᠡᠭᠳᠡᠭᠦᠯᠦᠨ᠎ᠡ᠃ ᠰᠢᠬᠢᠷᠯᠢᠭ ᠢᠳᠡᠭᠡᠨ ᠠᠴᠠ ᠬᠠᠮᠤᠭ | ᠰᠠᠶᠢᠨ ᠨᠢ ᠬᠤᠯᠠᠬᠠᠨ ᠪᠤᠢ᠂ ᠬᠡᠷᠪᠡ ᠢᠳᠡᠶ᠎ᠡ ᠭᠡᠪᠡᠯ ᠬᠤᠭᠤᠯᠠᠨ ᠤ ᠲᠠᠷᠠᠭ᠎ᠠ ᠢᠳᠡᠭᠡᠷᠡᠢ᠃ | |