ᠮᠣᠷᠢ ᠶᠢ ᠬᠦᠢᠰᠦ ᠴᠢᠨᠠᠷ ᠢᠶᠠᠷ ᠨᠢ ᠢᠯᠭᠠᠨ ᠨᠡᠷᠡᠯᠡᠬᠦ
ᠨᠡᠶᠢᠲᠡᠯᠡᠭᠰᠡᠨ ᠴᠠᠭ᠄
2023/8/2
       ᠠᠵᠢᠷᠭ᠎ᠠ — ᠦᠷ᠎ᠡ ᠶᠢᠨ ᠮᠣᠷᠢ᠂ ᠳᠦᠷᠪᠡᠨ ᠨᠠᠰᠣᠨ ᠤ ᠦᠷᠢᠶ᠎ᠡ ᠠᠴᠠ ᠠᠵᠢᠷᠭ᠎ᠠ ᠰᠣᠩᠭᠤᠵᠣ ᠲᠠᠯᠪᠢᠨ᠎ᠠ᠃       ᠬᠢᠵᠠᠭᠠᠯᠠᠩ ᠠᠵᠢᠷᠭ᠎ᠠ — ᠳᠦᠷᠪᠡᠨ ᠨᠠᠰᠣᠲᠠᠢ ᠠᠵᠢᠷᠭ᠎ᠠ᠃       ᠰᠣᠶᠤᠭᠠᠯᠠᠩ ᠠᠵᠢᠷᠭ᠎ᠠ — ᠲᠠᠪᠤᠨ ᠨᠠᠰᠤᠲᠠᠢ ᠠᠵᠢᠷᠭ᠎ᠠ᠃       ᠦᠷᠢᠶ᠎ᠡ ᠠᠵᠢᠷᠭ᠎ᠠ — ᠭᠤᠷᠪᠠ ᠠᠴᠠ ᠲᠠᠪᠤᠨ ᠨᠠᠰᠣᠨ ᠤ ᠠᠵᠢᠷᠭ᠎ᠠ᠃       ᠪᠦᠳᠦᠭᠦᠨ ᠠᠵᠢᠷᠭ᠎ᠠ — ᠨᠠᠰᠤ ᠭᠦᠢᠴᠡᠭᠰᠡᠨ ᠠᠵᠢᠷᠭ᠎ᠠ᠃       ᠵᠠᠰᠠᠭᠰᠠᠨ ᠠᠵᠢᠷᠭ᠎ᠠ — ᠠᠵᠢᠷᠭ᠎ᠠ ᠲᠠᠯᠪᠢᠭᠠᠳ ᠶᠠᠮᠠᠷ ᠨᠢᠭᠡᠨ ᠰᠢᠯᠲᠠᠭᠠᠨ ᠠᠴᠠ ᠪᠤᠯᠵᠤ ᠰᠡᠭᠦᠯᠡᠷ ᠨᠢ ᠵᠠᠰᠠᠭᠰᠠᠨ ᠠᠵᠢᠷᠭ᠎ᠠ᠃       ᠭᠡᠭᠦᠦ — ᠡᠬᠡ ᠮᠣᠷᠢ᠂ ᠳᠦᠷᠪᠡᠨ ᠨᠠᠰᠤᠨ ᠠᠴᠠ ᠲᠡᠭᠡᠭᠰᠢᠭᠢ ᠡᠮ᠎ᠡ ᠮᠣᠷᠢ ᠶᠢ ᠭᠡᠬᠦᠦ ᠭᠡᠳᠡᠭ᠂ ᠬᠡᠭᠦᠦ ᠤᠯᠠᠩᠬᠢ ᠳᠠᠭᠠᠨ ᠬᠢᠵᠠᠭᠠᠯᠠᠩ ᠪᠤᠶᠤ ᠰᠣᠶᠤᠭᠠᠯᠠᠩ ᠠᠴᠠ ᠡᠬᠢᠯᠡᠵᠤ ᠤᠨᠠᠭᠠᠯᠠᠨ᠎ᠠ᠃       ᠬᠢᠵᠠᠭᠠᠯᠠᠩ ᠭᠡᠬᠦᠦ — ᠳᠦᠷᠪᠡᠨ ᠨᠠᠰᠤᠲᠠᠢ ᠡᠮ᠎ᠡ ᠬᠦᠢᠰᠦᠲᠦ ᠮᠣᠷᠢ᠃      ᠰᠣᠶᠤᠭᠠᠯᠠᠩ ᠭᠡᠭᠦᠦ — ᠲᠡᠪᠦᠨ ᠨᠠᠰᠤᠲᠠᠢ ᠡᠮ᠎ᠡ ᠬᠦᠢᠰᠦᠲᠦ ᠮᠣᠷᠢ᠃      ᠪᠦᠳᠦᠭᠦᠨ ᠭᠡᠭᠦᠦ — ᠨᠠᠰᠤ ᠭᠦᠢᠴᠡᠭᠰᠡᠨ ᠡᠮ᠎ᠡ ᠭᠦᠢᠰᠦᠲᠦ ᠮᠣᠷᠢ᠃       ᠰᠤᠪᠠᠢ ᠭᠡᠭᠦᠦ — ᠭᠡᠭᠡᠯ ᠦᠭᠡᠢ ᠭᠡᠭᠦᠦ᠃      ᠬᠡᠬᠡᠯᠳᠦ ᠭᠡᠭᠦᠦ — ᠬᠡᠭᠡᠯᠳᠦᠭᠡᠳ ᠤᠨᠠᠭᠠᠯᠠᠭᠠᠳᠤᠢ ᠭᠡᠭᠦᠦ᠃       ᠬᠤᠰᠠᠷᠠᠩ ᠭᠡᠭᠦᠦ — ᠰᠤᠪᠠᠶᠢᠷᠠᠭᠰᠠᠨ ᠪᠤᠯᠪᠠᠴᠤ ᠲᠦᠷᠦᠭᠦᠦ ᠵᠢᠯ ᠤᠨ ᠢᠶᠠᠨ ᠲᠥᠯ ᠢ ᠬᠦᠬᠦᠭᠦᠯᠵᠦ ᠪᠠᠶᠢᠭ᠎ᠠ ᠰᠦ ᠨᠢ ᠰᠢᠭᠢᠭᠡᠳᠦᠢ ᠭᠡᠭᠦᠦ᠃       ᠭᠡᠭᠦᠦ ᠮᠣᠷᠢ — ᠡᠬᠡ ᠮᠣᠷᠢ᠃       ᠪᠠᠶᠢᠳᠠᠰᠤᠨ ᠭᠡᠭᠦᠦ — ᠪᠠᠶᠢᠳᠠᠰᠤᠨ ᠳᠠᠭᠠᠨ ᠤᠨᠠᠭᠠᠯᠠᠭᠰᠠᠨ ᠭᠡᠭᠦᠦ᠃       ᠡᠷ᠎ᠡ ᠤᠨᠠᠭ᠎ᠠ — ᠨᠢᠭᠡ ᠨᠠᠰᠤᠲᠠᠢ ᠡᠷ᠎ᠡ ᠬᠦᠢᠰᠦᠲᠦ ᠮᠣᠷᠢ᠃      ᠦᠬᠢᠨ ᠤᠨᠠᠭ᠎ᠠ — ᠨᠢᠭᠡ ᠨᠠᠰᠤᠲᠠᠢ ᠡᠮ᠎ᠡ ᠬᠦᠢᠰᠦᠲᠦ ᠮᠣᠷᠢ᠃      ᠡᠷ᠎ᠡ ᠳᠠᠭ᠎ᠠ — ᠬᠤᠶᠠᠷ ᠨᠠᠰᠤᠲᠠᠢ ᠡᠷ᠎ᠡ ᠬᠦᠢᠰᠦᠲᠦ ᠮᠣᠷᠢ᠃       ᠦᠬᠢᠨ ᠳᠠᠭ᠎ᠠ — ᠬᠤᠶᠠᠷ ᠨᠠᠰᠤᠲᠠᠢ ᠡᠮ᠎ᠡ ᠬᠦᠢᠰᠦᠲᠦ ᠮᠣᠷᠢ᠃       ᠡᠷ᠎ᠡ ᠰᠢᠳᠦᠯᠡᠩ — ᠭᠤᠷᠪᠠᠨ ᠨᠠᠰᠤᠲᠠᠢ ᠡᠷ᠎ᠡ ᠬᠦᠢᠰᠦᠲᠦ ᠮᠣᠷᠢ᠃       ᠦᠬᠢᠨ ᠰᠢᠳᠦᠯᠡᠩ — ᠭᠤᠷᠪᠠᠨ ᠨᠠᠰᠤᠲᠠᠢ ᠡᠮ᠎ᠡ ᠬᠦᠢᠰᠦᠲᠦ ᠮᠣᠷᠢ᠃       ᠦᠷᠢᠶ᠎ᠡ — ᠭᠤᠷᠪᠠ ᠠᠴᠠ ᠲᠠᠪᠤᠨ ᠨᠠᠰᠤᠨ ᠤ ᠡᠷ᠎ᠡ ᠬᠦᠢᠰᠦᠲᠦ ᠮᠣᠷᠢ᠃       ᠪᠠᠶᠢᠳᠠᠰᠤ — ᠭᠤᠷᠪᠠ ᠠᠴᠠ ᠲᠠᠪᠤᠨ ᠨᠠᠰᠤᠨ ᠤ ᠡᠮ᠎ᠡ ᠬᠦᠢᠰᠦᠲᠦ ᠮᠣᠷᠢ᠃       ᠬᠠᠭᠠᠷᠢᠭᠰᠠᠨ ᠦᠷᠢᠶ᠎ᠡ ︵ᠠᠭᠲᠠᠯᠠᠭᠰᠠᠨ ᠮᠣᠷᠢ︶ — ᠵᠠᠰᠠᠭᠰᠠᠨ ᠦᠷᠢᠶ᠎ᠡ᠃       ᠴᠠᠬᠢᠯᠠᠭᠰᠠᠨ ᠪᠠᠶᠢᠳᠠᠰᠤ — ᠤᠷᠤᠭ᠎ᠠ ᠤᠷᠤᠵᠤ ᠠᠵᠢᠷᠭᠠᠨ ᠠᠴᠠ ᠪᠠᠨ ᠰᠠᠯᠵᠤ ᠬᠦᠶᠦᠭᠰᠡᠨ ᠪᠤᠶᠤ ᠬᠠᠰᠤᠭᠰᠠᠨ ᠪᠠᠶᠢᠳᠠᠰᠤ᠃      ᠬᠠᠰᠤᠭᠰᠠᠨ ᠪᠠᠶᠢᠳᠠᠰᠤ — ᠠᠵᠢᠷᠭ᠎ᠠ ᠰᠦᠷᠦᠭ ᠠᠴᠠ ᠪᠠᠨ ᠰᠠᠯᠭᠠᠵᠤ ᠬᠥᠭᠡᠭᠡᠭᠰᠡᠨ ᠪᠠᠶᠢᠳᠠᠰᠤ᠃      ᠰᠢᠳᠦᠯᠡᠩ ᠦᠷᠢᠶ᠎ᠡ — ᠭᠤᠷᠪᠠᠨ ᠨᠠᠰᠤᠲᠠᠢ ᠦᠷᠢᠶ᠎ᠡ᠃      ᠰᠢᠳᠦᠯᠡᠩ ᠪᠠᠶᠢᠳᠠᠰᠤ — ᠭᠤᠷᠪᠠᠨ ᠨᠠᠰᠤᠲᠠᠢ ᠪᠠᠶᠢᠳᠠᠰᠤ᠃      ᠡᠷ᠎ᠡ ᠬᠢᠵᠠᠯᠠᠩ — ᠳᠦᠷᠪᠡᠨ ᠨᠠᠰᠤᠲᠠᠢ ᠨᠡᠷ᠎ᠡ ᠬᠦᠢᠰᠦᠲᠦ ᠮᠣᠷᠢ᠃      ᠦᠬᠢᠨ ᠬᠢᠵᠠᠯᠠᠩ — ᠳᠦᠷᠪᠡᠨ ᠨᠠᠰᠤᠲᠠᠢ ᠡᠮ᠎ᠡ ᠬᠦᠢᠰᠦᠲᠦ ᠮᠣᠷᠢ᠃      ᠬᠢᠵᠠᠭᠠᠯᠠᠩ ᠦᠷᠢᠶ᠎ᠡ — ᠡᠷ᠎ᠡ ᠬᠢᠵᠠᠭᠠᠯᠠᠩ ︵ᠳᠦᠷᠪᠡᠨ ᠨᠠᠰᠤᠲᠠᠢ ᠦᠷᠢᠶ᠎ᠡ︶᠃      ᠬᠢᠵᠠᠭᠠᠯᠠᠩ ᠪᠠᠶᠢᠳᠠᠰᠤ — ᠦᠬᠢᠨ ᠬᠢᠵᠠᠭᠠᠯᠠᠩ ︵ᠳᠦᠷᠪᠡᠨ ᠨᠠᠰᠤᠲᠠᠢ ᠪᠠᠶᠢᠳᠠᠰᠤ︶᠃      ᠰᠣᠶᠤᠭᠠᠯᠠᠩ ᠦᠷᠢᠶ᠎ᠡ — ᠲᠠᠪᠤᠨ ᠨᠠᠰᠤᠲᠠᠢ ᠦᠷᠢᠶ᠎ᠡ᠃      ᠰᠣᠶᠤᠭᠠᠯᠠᠩ ᠪᠠᠶᠢᠳᠠᠰᠤ — ᠲᠠᠪᠤᠨ ᠨᠠᠰᠤᠲᠠᠢ ᠪᠠᠶᠢᠳᠠᠰᠤ᠃      ᠬᠠᠪᠴᠢᠭ ᠰᠣᠶᠤᠭᠠᠯᠠᠩ — ᠳᠥᠷᠪᠡ ᠠᠴᠠ ᠵᠢᠷᠭᠤᠭᠠᠨ ᠨᠠᠰᠤᠨ ᠤ ᠡᠷ᠎ᠡ ᠬᠦᠢᠰᠦᠲᠦ ᠮᠣᠷᠢ᠃      ᠰᠣᠩᠭᠠᠭᠠᠯ ᠮᠣᠷᠢ — ᠵᠢᠷᠭᠤᠭᠠᠨ ᠨᠠᠰᠤᠨ ᠤ ᠡᠷ᠎ᠡ ᠬᠦᠢᠰᠦᠲᠦ ᠮᠣᠷᠢ᠃      ᠠᠭᠲᠠ — ᠳᠦᠷᠪᠡᠨ ᠨᠠᠰᠤᠨ ᠠᠴᠠ ᠳᠡᠭᠡᠭᠰᠢᠬᠢ ᠵᠠᠰᠠᠭᠰᠠᠨ ᠡᠷ᠎ᠡ ᠮᠣᠷᠢ᠃      ᠬᠥᠯᠦᠭ — ᠰᠠᠶᠢᠨ ᠠᠭᠲᠠ ᠶᠢᠨ ᠬᠦᠨᠳᠦᠳᠬᠡᠯ ᠨᠡᠷ᠎ᠡ᠃      ᠠᠰᠠᠮᠠᠨ ᠮᠣᠷᠢ — ᠵᠠᠰᠠᠭᠰᠠᠨ ᠦᠭᠡᠢ ᠪᠤᠶᠤ ᠳᠤᠲᠤᠭᠤ ᠵᠠᠰᠠᠭᠰᠠᠨ ᠮᠣᠷᠢ᠃     ᠡᠷᠡᠮᠡᠭ — ᠤᠨᠠᠭᠠᠯᠠᠬᠤ ᠦᠭᠡᠢ ᠭᠡᠬᠦᠦ ᠮᠣᠷᠢ᠃     ᠡᠷ᠎ᠡ ᠮᠣᠷᠢ — ᠡᠷ᠎ᠡ ᠬᠦᠢᠰᠦᠲᠦ ᠮᠣᠷᠢ ᠭᠡᠬᠦ ᠮᠡᠲᠦ᠃     ᠱᠣᠸᠠᠩᠰᠢ ᠶᠢᠨ ᠪᠤᠶᠠᠨᠲᠤᠭᠲᠠᠬᠤ ᠶᠢᠨ ︽ᠲᠠᠪᠤᠨ ᠬᠤᠰᠢᠭᠤ ᠮᠠᠯ ᠤᠨ ᠨᠡᠷᠡᠶᠢᠳᠦᠯ︾᠂ ︵ᠥᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂ 1988 ᠣᠨ︶ ᠨᠣᠮ ᠠᠴᠠ ᠪᠠᠭᠤᠯᠭᠠᠪᠠ᠃    
ᠢᠷᠡᠯᠲᠡ᠄ ᠬᠥᠯᠦᠨ ᠪᠥᠢᠷ ᠬᠤᠲᠠ ᠶᠢᠨ ᠠᠷᠠᠳ ᠤᠨ ᠵᠠᠰᠠᠭ ᠤᠨ ᠣᠷᠳᠤᠨ