ᠮᠣᠩᠭᠤᠯᠴᠤᠳ ᠤᠨ ᠳᠥᠷᠪᠡᠨ ᠤᠯᠠᠷᠢᠯ ᠤᠨ ᠨᠡᠭᠦᠳᠡᠯ ᠤᠨ ᠵᠠᠩᠰᠢᠯ ︵ᠭᠤᠷᠪᠠ︶
ᠨᠡᠶᠢᠲᠡᠯᠡᠭᠰᠡᠨ ᠴᠠᠭ᠄
2023/8/16
      ᠮᠣᠩᠭᠤᠯᠴᠤᠳ ᠲᠠᠪᠤᠨ ᠬᠤᠰᠢᠭᠤ ᠮᠠᠯ ᠢ ᠠᠷᠠᠴᠢᠯᠠᠨ ᠮᠠᠯᠵᠢᠬᠤ ᠦᠢᠯᠡᠳᠪᠦᠷᠢᠯᠡᠯ ᠬᠥᠳᠡᠯᠮᠦᠷᠢ ᠶᠢᠨ ᠶᠠᠪᠤᠴᠠ ᠳᠠᠭᠠᠨ ᠮᠠᠯ ᠠᠵᠤ ᠠᠬᠤᠢ ᠶᠢᠨ ᠪᠠᠶᠠᠯᠢᠭ ᠲᠤᠷᠰᠢᠯᠭ᠎ᠠ ᠶᠢ ᠬᠤᠷᠠᠮᠳᠤᠭᠤᠯᠤᠭᠰᠠᠨ ᠶᠤᠮ᠃ ᠲᠠᠪᠤᠨ ᠬᠤᠰᠢᠭᠤ ᠮᠠᠯ ᠤᠨ ᠠᠳᠠᠯᠢ ᠪᠤᠰᠤ ᠣᠨᠴᠠᠯᠢᠭ ᠪᠣᠯᠤᠨ ᠲᠡᠳᠡᠭᠡᠷ ᠤᠨ ᠴᠠᠭ ᠠᠭᠤᠷ᠂ ᠤᠰᠤ ᠪᠡᠯᠴᠢᠭᠡᠷ ᠤᠨ ᠲᠣᠬᠢᠷᠠᠴᠠ ᠶᠢ ᠦᠨᠳᠦᠰᠦᠯᠡᠵᠦ ᠳᠥᠷᠪᠡᠨ ᠤᠯᠠᠷᠢᠯ ᠤᠨ ᠠᠭᠤᠷ ᠠᠮᠢᠰᠬᠤᠯ ᠤᠨ ᠪᠠᠶᠢᠳᠠᠯ᠂ ᠬᠤᠷ᠎ᠠ ᠲᠤᠨᠳᠠᠰᠤ᠂ ᠡᠪᠡᠰᠦ ᠪᠡᠯᠴᠢᠭᠡᠷ ᠤᠨ ᠪᠠᠶᠢᠳᠠᠯ ᠢ ᠦᠨᠳᠦᠰᠦᠯᠡᠵᠦ᠂ ᠤᠯᠠᠷᠢᠯ ᠢᠶᠠᠷ ᠨᠡᠭᠦᠳᠡᠯᠯᠡᠬᠦ ᠶᠢ ᠤᠷᠲᠤ ᠬᠤᠭᠤᠴᠠᠭ᠎ᠠ ᠪᠠᠷ ᠪᠠᠷᠢᠮᠲᠠᠯᠠᠭᠰᠠᠭᠠᠷ ᠢᠷᠡᠭᠰᠡᠨ ᠶᠤᠮ᠃ ᠢᠩᠭᠢᠵᠦ ᠳᠥᠷᠪᠡᠨ ᠤᠯᠠᠷᠢᠯ ᠢᠶᠠᠷ ᠡᠭᠡᠯᠵᠢᠯᠡᠨ ᠨᠡᠭᠦᠳᠡᠯᠯᠡᠬᠦ ᠶᠢ ᠬᠠᠪᠤᠷᠵᠢᠶ᠎ᠠ ᠳᠤ ᠭᠠᠷᠬᠤ᠂ ᠵᠤᠰᠠᠯᠠᠩ ᠳᠤ ᠪᠠᠭᠤᠬᠤ᠂ ᠨᠠᠮᠤᠷᠵᠢᠶ᠎ᠠ ᠳᠤ ᠪᠠᠭᠤᠬᠤ᠂ ᠡᠪᠦᠯᠵᠢᠶ᠎ᠡ ᠳᠤ ᠪᠠᠭᠤᠬᠤ ᠭᠡᠳᠡᠭ᠃       ᠨᠠᠮᠤᠷᠵᠢᠶ᠎ᠠ ᠪᠠᠭᠤᠬᠤ      ᠨᠠᠮᠤᠷ ᠤᠨ ᠤᠯᠠᠷᠢᠯ ᠤᠨ ᠨᠡᠭᠦᠳᠡᠯ ᠪᠣᠯ ᠮᠠᠯ ᠰᠦᠷᠦᠭ ᠤᠨ ᠥᠭᠡᠬᠦᠨ ᠲᠠᠷᠭᠤ ᠠᠪᠴᠤ᠂ ᠠᠷᠠᠰᠤᠨ ᠲᠠᠷᠭᠤ ᠲᠣᠭᠲᠠᠬᠤ ᠳᠤ ᠬᠤᠯᠪᠣᠭᠳᠠᠬᠤ ᠪᠣᠯᠬᠤᠷ᠂ ᠡᠪᠡᠰᠦ ᠪᠡᠯᠴᠢᠭᠡᠷ ᠢ ᠣᠨᠴᠠᠯᠠᠨ ᠠᠩᠬᠠᠷᠳᠠᠭ᠃ ᠨᠠᠮᠤᠷ ᠤᠨ ᠪᠡᠯᠴᠢᠭᠡᠷ ᠢ ᠰᠢᠮᠡᠲᠦ ᠤᠷᠭᠤᠮᠠᠯ ᠪᠦᠬᠦᠢ ᠰᠡᠷᠢᠭᠦᠨ ᠪᠡᠯᠴᠢᠭᠡᠷ ᠰᠣᠩᠭᠤᠵᠤ᠂ ᠲᠠᠷᠭᠤ ᠬᠦᠴᠦ ᠲᠣᠭᠲᠠᠬᠤ ᠶᠢ ᠠᠩᠬᠠᠷᠴᠤ᠂ ᠬᠦᠢᠲᠡᠨ ᠳᠤ ᠲᠡᠰᠪᠦᠷᠢᠵᠢᠬᠦ ᠳᠤ ᠨᠢ ᠳᠠᠰᠬᠠᠳᠠᠭ᠃ ᠨᠠᠮᠤᠷ ᠤᠨ ᠰᠡᠭᠦᠯᠴᠢ ᠳᠤ ᠭᠤᠣᠯ ᠤᠨ ᠵᠦᠯᠭᠡ ᠰᠢᠷᠢᠭᠢ ᠪᠡᠯᠴᠢᠭᠡᠷ ᠨᠢ ᠮᠠᠯ ᠤᠨ ᠠᠷᠠᠰᠤ ᠮᠢᠬᠠᠨ ᠤ ᠵᠠᠪᠰᠠᠷ ᠤᠰᠤ ᠭᠦᠶᠦᠵᠦ᠂ ᠥᠭᠡᠬᠦᠨ ᠲᠠᠷᠭᠤ ᠪᠠ ᠠᠷᠠᠰᠤᠨ ᠲᠠᠷᠭᠤ ᠠᠪᠬᠤ ᠳᠤ ᠬᠠᠷᠰᠢᠯᠠᠨ᠂ ᠲᠡᠭᠦᠨ ᠤ ᠤᠯᠠᠮ ᠠᠴᠠ ᠬᠦᠢᠲᠡᠨ ᠤ ᠡᠬᠢ ᠪᠠᠷ ᠲᠠᠷᠭᠤ ᠪᠠᠭᠤᠷᠠᠬᠤ ᠨᠢ ᠲᠦᠷᠭᠡᠨ ᠪᠣᠯᠬᠤᠷ᠂ ᠠᠭᠤᠯᠠᠨ ᠤ ᠰᠢᠮᠡᠲᠦ ᠤᠷᠭᠤᠮᠠᠯ ᠲᠠᠢ ᠪᠡᠯᠴᠢᠭᠡᠷ ᠢ ᠰᠣᠩᠭᠤᠳᠠᠭ᠃ ᠲᠡᠭᠦᠨᠴᠢᠯᠡᠨ ᠨᠠᠮᠤᠷ ᠤᠨ ᠤᠯᠠᠷᠢᠯ ᠤᠨ ᠨᠡᠭᠦᠳᠡᠯ ᠳᠤ ᠮᠠᠯ ᠤᠨ ᠪᠡᠯᠴᠢᠭᠡᠷ ᠬᠡᠲᠦᠷᠬᠡᠢ ᠬᠤᠯᠠᠳᠠᠪᠠᠯ᠂ ᠮᠠᠯ ᠤᠨ ᠲᠣᠭᠲᠠᠭᠰᠠᠨ ᠲᠠᠷᠭᠤ ᠬᠠᠶᠢᠯᠵᠤ᠂ ᠲᠣᠰᠣᠨ ᠲᠠᠷᠭᠤ ᠰᠠᠭᠤᠬᠤ ᠶᠢ ᠬᠠᠷᠰᠢᠯᠠᠬᠤ ᠪᠣᠯᠬᠤᠷ᠂ ᠪᠡᠯᠴᠢᠭᠡᠷ ᠤᠨ ᠬᠤᠯᠠ ᠣᠶᠢᠷ᠎ᠠ ᠶᠢ ᠵᠣᠬᠢᠰᠲᠠᠢ ᠲᠣᠬᠢᠷᠠᠭᠤᠯᠤᠨ ᠰᠣᠩᠭᠤᠬᠤ ᠪᠥᠭᠡᠳ ᠨᠢᠭᠡ ᠨᠤᠲᠤᠭ ᠲᠤ ᠣᠬᠤᠷ ᠬᠤᠭᠤᠴᠠᠭ᠎ᠠ ᠨᠤᠲᠤᠭᠯᠠᠳᠠᠭ᠃  
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ