ᠮᠣᠩᠭᠤᠯᠴᠤᠳ ᠲᠠᠪᠤᠨ ᠬᠤᠰᠢᠭᠤ ᠮᠠᠯ ᠢ ᠠᠷᠠᠴᠢᠯᠠᠨ ᠮᠠᠯᠵᠢᠬᠤ ᠦᠢᠯᠡᠳᠪᠦᠷᠢᠯᠡᠯ ᠬᠥᠳᠡᠯᠮᠦᠷᠢ ᠶᠢᠨ ᠶᠠᠪᠤᠴᠠ ᠳᠠᠭᠠᠨ ᠮᠠᠯ ᠠᠵᠤ ᠠᠬᠤᠢ ᠶᠢᠨ | ᠪᠠᠶᠠᠯᠢᠭ ᠲᠤᠷᠰᠢᠯᠭ᠎ᠠ ᠶᠢ ᠬᠤᠷᠠᠮᠳᠤᠭᠤᠯᠤᠭᠰᠠᠨ ᠶᠤᠮ᠃ ᠲᠠᠪᠤᠨ ᠬᠤᠰᠢᠭᠤ ᠮᠠᠯ ᠤᠨ ᠠᠳᠠᠯᠢ ᠪᠤᠰᠤ ᠣᠨᠴᠠᠯᠢᠭ ᠪᠣᠯᠤᠨ ᠲᠡᠳᠡᠭᠡᠷ ᠤᠨ ᠴᠠᠭ ᠠᠭᠤᠷ᠂ | ᠤᠰᠤ ᠪᠡᠯᠴᠢᠭᠡᠷ ᠤᠨ ᠲᠣᠬᠢᠷᠠᠴᠠ ᠶᠢ ᠦᠨᠳᠦᠰᠦᠯᠡᠵᠦ ᠳᠥᠷᠪᠡᠨ ᠤᠯᠠᠷᠢᠯ ᠤᠨ ᠠᠭᠤᠷ ᠠᠮᠢᠰᠬᠤᠯ ᠤᠨ ᠪᠠᠶᠢᠳᠠᠯ᠂ ᠬᠤᠷ᠎ᠠ ᠲᠤᠨᠳᠠᠰᠤ᠂ ᠡᠪᠡᠰᠦ | ᠪᠡᠯᠴᠢᠭᠡᠷ ᠤᠨ ᠪᠠᠶᠢᠳᠠᠯ ᠢ ᠦᠨᠳᠦᠰᠦᠯᠡᠵᠦ᠂ ᠤᠯᠠᠷᠢᠯ ᠢᠶᠠᠷ ᠨᠡᠭᠦᠳᠡᠯᠯᠡᠬᠦ ᠶᠢ ᠤᠷᠲᠤ ᠬᠤᠭᠤᠴᠠᠭ᠎ᠠ ᠪᠠᠷ ᠪᠠᠷᠢᠮᠲᠠᠯᠠᠭᠰᠠᠭᠠᠷ ᠢᠷᠡᠭᠰᠡᠨ ᠶᠤᠮ᠃ ᠢᠩᠭᠢᠵᠦ | ᠳᠥᠷᠪᠡᠨ ᠤᠯᠠᠷᠢᠯ ᠢᠶᠠᠷ ᠡᠭᠡᠯᠵᠢᠯᠡᠨ ᠨᠡᠭᠦᠳᠡᠯᠯᠡᠬᠦ ᠶᠢ ᠬᠠᠪᠤᠷᠵᠢᠶ᠎ᠠ ᠳᠤ ᠭᠠᠷᠬᠤ᠂ ᠵᠤᠰᠠᠯᠠᠩ ᠳᠤ ᠪᠠᠭᠤᠬᠤ᠂ ᠨᠠᠮᠤᠷᠵᠢᠶ᠎ᠠ ᠳᠤ ᠪᠠᠭᠤᠬᠤ᠂ ᠡᠪᠦᠯᠵᠢᠶ᠎ᠡ ᠳᠤ | ᠪᠠᠭᠤᠬᠤ ᠭᠡᠳᠡᠭ᠃ | ᠬᠠᠪᠤᠷᠵᠢᠶ᠎ᠠ ᠳᠤ ᠭᠠᠷᠬᠤ | ᠬᠠᠪᠤᠷ ᠤᠨ ᠤᠯᠠᠷᠢᠯ ᠤᠨ ᠨᠡᠭᠦᠳᠡᠯ ᠪᠣᠯ ᠡᠪᠦᠯ ᠤᠨ ᠴᠠᠰᠤ ᠵᠤᠳ ᠢ ᠭᠡᠲᠦᠯᠦᠨ ᠲᠤᠭᠤᠯᠤᠭᠰᠠᠨ ᠮᠠᠯ ᠰᠦᠷᠦᠭ ᠢ ᠣᠨᠳᠣᠷᠣᠭᠤᠯᠵᠤ᠂ ᠡᠪᠡᠰᠦ | ᠪᠡᠯᠴᠢᠭᠡᠷ ᠰᠣᠩᠭᠤᠨ ᠮᠠᠯ ᠤᠨ ᠡᠯᠢᠭᠡᠨ ᠲᠠᠷᠭᠤ ᠠᠪᠤᠭᠤᠯᠬᠤ ᠵᠣᠷᠢᠯᠭ᠎ᠠ ᠲᠠᠢ ᠪᠠᠶᠢᠳᠠᠭ᠃ ᠡᠪᠦᠯ ᠤᠨ ᠲᠠᠰᠬᠢᠮ᠎ᠠ ᠬᠦᠢᠲᠡᠨ᠂ ᠴᠠᠰᠤ ᠵᠤᠳ ᠢ | ᠲᠤᠭᠤᠯᠤᠭᠠᠳ᠂ ᠲᠤᠷᠠᠵᠤ ᠡᠴᠡᠭᠰᠡᠨ ᠮᠠᠯ ᠰᠦᠷᠦᠭ ᠲᠣᠰᠣᠨ ᠴᠢᠮᠥᠭᠡ ᠠᠯᠳᠠᠵᠤ᠂ ᠪᠣᠷᠣ ᠰᠢᠪᠠᠭᠠᠨ ᠴᠢᠮᠥᠭᠡ ᠲᠠᠢ ᠪᠣᠯᠳᠠᠭ ᠤᠴᠢᠷ ᠠᠴᠠ ᠬᠠᠪᠤᠷ ᠤᠨ | ᠤᠯᠠᠷᠢᠯ ᠤᠨ ᠨᠡᠭᠦᠳᠡᠯ ᠨᠢ ᠡᠪᠡᠰᠦᠨ ᠤ ᠰᠣᠷ ᠪᠠᠷᠠᠳᠠᠬᠤ ᠶᠢᠨ ᠬᠠᠮᠲᠤ᠂ ᠠᠭᠢ᠂ ᠬᠥᠪᠲᠦ᠂ ᠬᠢᠯᠭᠠᠨ᠎ᠠ ᠶᠢᠨ ᠶᠣᠵᠣᠭᠤᠷ ᠵᠡᠷᠭᠡ ᠰᠢᠮ᠎ᠡ ᠰᠠᠶᠢᠲᠤ | ᠤᠷᠭᠤᠮᠠᠯ ᠲᠠᠢ ᠵᠥᠭᠡᠯᠡᠨ ᠬᠥᠷᠥᠰᠥᠲᠦ ᠪᠡᠯᠴᠢᠭᠡᠷ ᠳᠠᠭᠠᠵᠤ᠂ ᠡᠳᠦᠷ ᠲᠤ ᠨᠢᠭᠡ ᠤᠳᠠᠭ᠎ᠠ ᠤᠰᠤᠯᠠᠨ᠂ ᠮᠠᠯ ᠢ ᠨᠣᠭᠤᠭᠠᠨ ᠳᠤ ᠴᠠᠳᠬᠠᠭᠠᠳ᠂ ᠦᠶ᠎ᠡ | ᠭᠡᠰᠢᠭᠦᠦ ᠶᠢ ᠨᠢ ᠴᠢᠩᠭᠠᠷᠠᠭᠤᠯᠬᠤ᠂ ᠲᠦᠷᠭᠡᠨ ᠭᠡᠳᠡᠰᠦᠯᠡᠭᠦᠯᠬᠦ ᠶᠢ ᠠᠩᠬᠠᠷᠬᠤ ᠨᠢ ᠶᠠᠭᠤᠨ ᠠᠴᠠ ᠴᠤ ᠴᠢᠬᠤᠯᠠ ᠪᠠᠶᠢᠳᠠᠭ᠃ | |