ᠰᠢᠶᠠᠨ ᠹᠧᠩ ᠪᠠᠯᠭᠠᠰᠤ᠄ ᠪᠣᠭᠤᠳᠠᠶ ᠶᠢᠨ ᠳᠠᠷᠠᠭ᠎ᠠ ᠨᠣᠬᠠᠶ ᠶᠢᠨ ᠬᠤᠰᠢᠭᠤ ᠡᠪᠡᠰᠦ ᠳᠠᠷᠢᠵᠤ ᠠᠮᠤ ᠪᠤᠳᠠᠭ᠎ᠠ ᠶᠢ ᠲᠣᠭᠲᠠᠪᠤᠷᠢᠵᠢᠭᠤᠯᠤᠨ ᠦᠷ᠎ᠡ ᠠᠰᠢᠭ ᠢ ᠨᠡᠮᠡᠭᠳᠡᠬᠦᠯᠪᠡ
ᠨᠡᠶᠢᠲᠡᠯᠡᠭᠰᠡᠨ ᠴᠠᠭ᠄
2023/7/26
   ᠣᠶᠢᠷ᠎ᠠ ᠶᠢᠨ ᠵᠢᠯ ᠠᠴᠠ ᠨᠠᠭᠠᠰᠢ᠂ ᠤᠷᠠᠳ ᠤᠨ ᠡᠮᠦᠨᠡᠲᠦ ᠬᠤᠰᠢᠭᠤᠨ ᠤ ᠰᠢᠶᠠᠨ ᠹᠧᠩ ᠪᠠᠯᠭᠠᠰᠤ ︽ᠠᠮᠢ ᠠᠬᠤᠶ ᠶᠢ ᠤᠷᠢᠳ ᠢᠶᠠᠷ ᠪᠣᠳᠣᠯᠬᠢᠯᠠᠬᠤ᠂ ᠪᠣᠬᠢᠷᠲᠤᠯ ᠥᠬᠡᠶ ᠬᠥᠭᠵᠢᠭᠦᠯᠬᠦ︾ ᠣᠶᠢᠯᠠᠭᠠᠭᠳᠠᠬᠤᠨ ᠢ ᠪᠣᠶ ᠪᠣᠯᠭᠠᠨ᠂ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ᠂ ᠣᠯᠠᠨ ᠵᠦᠢᠯ ᠤᠨ ᠠᠷᠭ᠎ᠠ ᠬᠡᠮᠵᠢᠶ᠎ᠡ ᠶᠢ ᠵᠡᠷᠭᠡ ᠪᠠᠷ ᠬᠡᠷᠡᠭᠯᠡᠵᠦ᠂ ︽ᠪᠣᠭᠤᠳᠠᠶ ᠶᠢ ᠬᠡᠰᠡᠭ ᠬᠡᠰᠡᠭ ᠢᠶᠠᠷ ᠳᠠᠷᠢᠬᠤ + ᠪᠣᠭᠤᠳᠠᠶ ᠶᠢᠨ ᠳᠠᠷᠠᠭ᠎ᠠ ᠡᠭᠡᠯᠵᠢᠯᠡᠨ ᠳᠠᠷᠢᠬᠤ︾ ᠵᠠᠭᠪᠤᠷ ᠢ ᠶᠡᠭᠡ ᠪᠠᠷ ᠠᠬᠢᠭᠤᠯᠵᠤ᠂ ᠲᠠᠷᠢᠶᠠᠴᠢᠳ ᠢ ᠢᠳᠡᠪᠬᠢᠲᠡᠶ ᠬᠥᠲᠥᠯᠥᠨ ᠵᠢᠯᠣᠭᠤᠳᠴᠤ ᠪᠠᠶᠢᠭᠠᠳ ᠪᠣᠭᠤᠳᠠᠶ ᠶᠢᠨ ᠳᠠᠷᠠᠭ᠎ᠠ ᠳᠠᠬᠢᠨ ᠳᠠᠷᠢᠭᠤᠯᠵᠤ᠂ ᠭᠠᠵᠠᠷ ᠰᠢᠷᠣᠶ ᠶᠢᠨ ᠳᠠᠬᠢᠨ ᠳᠠᠷᠢᠬᠤ ᠵᠢᠭᠠᠯᠲᠠ ᠲᠤᠭ᠎ᠠ ᠶᠢ ᠳᠡᠭᠡᠭᠰᠢᠯᠡᠬᠦᠯᠦᠨ᠂ ᠠᠮᠤ ᠪᠤᠳᠠᠭᠠᠨ ᠤ ᠤᠨᠠᠯᠲᠠ ᠶᠢᠨ ᠨᠡᠮᠡᠭᠳᠡᠯ᠂ ᠲᠠᠷᠢᠶᠠᠴᠢᠳ ᠤᠨ ᠣᠷᠣᠯᠭ᠎ᠠ ᠶᠢᠨ ᠨᠡᠮᠡᠭᠳᠡᠯ ᠢ ᠦᠨᠡᠨ ᠬᠦ ᠪᠠᠲᠤᠯᠠᠪᠠ᠃   ᠣᠳᠣᠬᠠᠨ ᠪᠣᠯᠲᠠᠯ᠎ᠠ᠂ ᠪᠥᠬᠦ ᠪᠠᠯᠭᠠᠰᠣᠨ ᠤ 12 ᠲᠣᠰᠬᠤᠨ ᠳᠤ 140 ᠭᠠᠷᠤᠶ ᠲᠣᠨ ᠨᠣᠬᠠᠶ ᠶᠢᠨ ᠬᠤᠰᠢᠭᠤ ᠶᠢᠨ ᠡᠪᠡᠰᠦᠨ ᠤ ᠦᠷ᠎ᠡ ᠲᠠᠷᠬᠠᠭᠠᠵᠠᠶ ᠂ ᠪᠣᠭᠤᠳᠠᠶ ᠶᠢᠨ ᠳᠠᠷᠠᠭ᠎ᠠ ᠨᠣᠬᠠᠶ ᠶᠢᠨ ᠬᠤᠰᠢᠭᠤ ᠶᠢᠨ ᠡᠪᠡᠰᠦ ᠶᠢ ᠳᠠᠬᠢᠨ ᠳᠠᠷᠢᠪᠠᠯ ᠵᠢᠱᠢᠯᠲᠡ ᠪᠠᠷ 12000 ᠭᠠᠷᠤᠶ ᠮᠥ ᠳᠤ ᠬᠦᠷᠦᠨ᠎ᠡ᠂ ᠪᠣᠭᠤᠳᠠᠶ ᠶᠢᠨ ᠳᠠᠷᠠᠭ᠎ᠠ ᠨᠡᠷᠡᠨ ᠬᠤᠸᠠᠷ᠂ ᠴᠠᠭᠠᠨ ᠨᠣᠭᠤᠭ᠎ᠠ᠂ ᠮᠠᠨᠵᠢᠨ ᠢ ᠴᠤ ᠱᠠᠯᠠᠪᠳᠠᠨ ᠳᠠᠷᠢᠵᠤ ᠪᠣᠢ ᠂ ᠵᠢᠱᠢᠯᠲᠡ ᠪᠠᠷ 8 ᠰᠠᠷ᠎ᠠ ᠶᠢᠨ ᠡᠬᠢ ᠪᠠᠷ ᠪᠦᠬᠦᠨ ᠢ ᠳᠠᠷᠢᠵᠤ ᠳᠠᠭᠤᠰᠬᠠᠬᠤ ᠪᠣᠯᠤᠨ᠎ᠠ᠃    ᠰᠢᠶᠠᠨ ᠹᠧᠩ ᠪᠠᠯᠭᠠᠰᠤ ᠲᠠᠷᠢᠶᠠᠯᠠᠩ ᠤᠨ ᠲᠠᠷᠢᠮᠠᠯ ᠤᠨ ᠪᠦᠲᠦᠴᠡ ᠪᠠ ᠲᠥᠷᠥᠯ ᠵᠦᠢᠯ ᠤᠨ ᠪᠦᠲᠦᠴᠡ ᠶᠢ ᠤᠯᠠᠮ ᠨᠢᠭᠡ ᠠᠯᠬᠤᠮ ᠲᠣᠬᠢᠷᠠᠭᠤᠯᠤᠨ ᠰᠢᠯᠢᠳᠡᠭᠵᠢᠭᠦᠯᠵᠦ᠂ ᠬᠥᠷᠥᠰᠥ ᠰᠢᠷᠣᠶ ᠶᠢᠨ ᠹᠢᠽᠢᠺ ᠬᠢᠮᠢ ᠶᠢᠨ ᠰᠢᠨᠵᠢ ᠪᠠᠶᠢᠳᠠᠯ ᠢ ᠰᠠᠶᠢᠵᠢᠷᠠᠭᠤᠯᠤᠨ᠂ ᠭᠠᠵᠠᠷ ᠰᠢᠷᠣᠶ ᠶᠢᠨ ᠠᠰᠢᠭᠯᠠᠯᠲᠠ ᠶᠢᠨ ᠨᠣᠷᠮ᠎ᠠ ᠶᠢ ᠳᠡᠭᠡᠭᠰᠢᠯᠡᠭᠦᠯᠬᠦ ᠶᠢᠨ ᠲᠥᠯᠥᠭᠡ᠂ ᠵᠠᠬ᠎ᠠ ᠳᠡᠯᠭᠡᠭᠦᠷ ᠤᠨ ᠬᠡᠷᠡᠭᠴᠡᠭᠡ ᠪᠠᠷ ᠤᠳᠤᠷᠢᠳᠤᠮᠵᠢ ᠪᠣᠯᠭᠠᠵᠤ᠂ ᠵᠣᠷᠢᠭᠲᠠᠶ ᠪᠠᠷ ᠲᠤᠷᠰᠢᠨ ᠰᠦᠪᠡᠭᠴᠢᠯᠡᠵᠦ᠂ ᠭᠤᠷᠪᠠᠨ ᠵᠢᠯ ᠳᠠᠷᠠᠭᠠᠯᠠᠨ ᠪᠣᠭᠤᠳᠠᠶ ᠶᠢᠨ ᠳᠠᠷᠠᠭ᠎ᠠ ᠳᠠᠬᠢᠨ ᠳᠠᠷᠢᠬᠤ ᠶᠢ ᠢᠳᠡᠪᠬᠢᠲᠡᠶ ᠠᠬᠢᠭᠤᠯᠵᠤ᠂ ᠲᠠᠷᠢᠮᠠᠯ ᠤᠨ ᠦᠢᠯᠡᠰ ᠤᠨ ᠠᠵᠤ ᠠᠬᠤᠶᠢᠯᠠᠯ ᠲᠠᠢ ᠢᠳᠡᠪᠬᠢᠲᠡᠶ ᠵᠣᠯᠭᠠᠭᠤᠯᠤᠭᠰᠠᠨ ᠪᠥᠭᠡᠳ ᠳᠠᠭᠠᠭᠤᠯᠤᠭᠴᠢ ᠠᠵᠤ ᠠᠬᠤᠶᠢᠯᠠᠯ᠂ ᠬᠤᠷᠰᠢᠶ᠎ᠠ᠂ ᠲᠠᠷᠢᠮᠠᠯ ᠤᠨ ᠲᠣᠮᠣ ᠡᠷᠦᠬᠡ ᠬᠡᠪᠴᠢᠶᠡᠵᠢᠭᠦᠯᠦᠨ ᠳᠠᠷᠢᠬᠤ ᠰᠠᠭᠤᠷᠢᠨ ᠭᠠᠵᠠᠷ ᠪᠠᠶᠢᠭᠤᠯᠬᠤ ᠶᠢ ᠵᠣᠷᠢᠭᠵᠢᠭᠤᠯᠬᠤ ᠪᠠ ᠬᠥᠲᠥᠯᠥᠨ ᠵᠢᠯᠣᠭᠤᠳᠴᠤ᠂ ᠲᠠᠷᠢᠶᠠᠨ ᠭᠠᠵᠠᠷ ᠤᠨ ᠡᠭᠡᠯᠵᠢᠯᠡᠨ ᠳᠠᠷᠢᠬᠤ ᠶᠢ ᠵᠣᠷᠢᠭᠵᠢᠭᠤᠯᠵᠤ᠂ ᠮᠦ ᠪᠦᠷᠢ ᠶᠢᠨ ᠳᠤᠮᠳᠠᠴᠢ ᠶᠡᠷᠦᠩᠬᠡᠶᠢᠯᠡᠭᠰᠡᠨ ᠠᠰᠢᠭ ᠣᠷᠣᠯᠭ᠎ᠠ ᠶᠢ  ᠲᠡᠭᠡᠭᠰᠢᠯᠡᠬᠦᠯᠪᠡ᠃    ᠣᠶᠢᠷ᠎ᠠ ᠶᠢᠨ ᠵᠢᠯ ᠠᠴᠠ ᠨᠠᠭᠠᠰᠢ᠂ ᠰᠢᠶᠠᠨ ᠹᠧᠩ ᠪᠠᠯᠭᠠᠰᠤᠨ ᠤ ᠨᠠᠮ ᠤᠨ ᠬᠤᠷᠢᠶ᠎ᠠ ᠲᠠᠷᠢᠶᠠᠯᠠᠩ ᠤᠨ ᠦᠷ᠎ᠡ ᠠᠰᠢᠭ ᠢ ᠨᠡᠮᠡᠭᠳᠡᠭᠦᠯᠬᠦ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ ᠶᠢ ᠠᠬᠢᠭᠤᠯᠬᠤ ᠪᠠᠷ ᠬᠠᠷᠠᠯᠲᠠ ᠪᠠᠨ ᠪᠣᠯᠭᠠᠵᠤ᠂ ︽ᠬᠠᠲᠤᠨ ᠭᠤᠤᠯ ᠤᠨ ᠰᠠᠪᠠ ᠭᠠᠵᠠᠷ ᠤᠨ ᠪᠣᠬᠢᠷᠲᠤᠯ ᠥᠬᠡᠶ ᠴᠢᠨᠠᠷ ᠰᠠᠶᠢᠲᠠᠶ ᠬᠥᠭᠵᠢᠯᠲᠡ︾ ᠶᠢᠨ ᠶᠡᠷᠦᠩᠬᠡᠶ ᠱᠠᠭᠠᠷᠳᠠᠯᠭ᠎ᠠ ᠶᠢᠨ ᠲᠣᠭᠤᠷᠢᠨ ᠳᠤ᠂ ︽ᠨᠠᠮ ᠤᠨ ᠡᠭᠦᠷ + ᠲᠣᠰᠬᠤᠨ ᠤ ᠬᠤᠷᠰᠢᠶ᠎ᠠ + ᠲᠠᠷᠢᠶᠠᠴᠢᠨ ᠡᠷᠦᠬᠡ︾ ᠶᠢᠨ ᠠᠵᠤ ᠦᠢᠯᠡᠰ ᠤᠨ ᠬᠥᠭᠵᠢᠯᠲᠡ ᠶᠢᠨ ᠵᠠᠭᠪᠤᠷ ᠢ ᠪᠠᠷᠢᠮᠲᠠᠯᠠᠵᠤ᠂ ᠥᠷᠭᠡᠨ ᠣᠯᠠᠨ ᠲᠠᠷᠢᠶᠠᠴᠢᠳ ᠢ ᠳᠠᠶᠢᠴᠢᠯᠠᠵᠤ ᠠᠮᠲᠠᠲᠣ ᠬᠡᠮᠬᠡ᠂ ᠬᠠᠷ᠎ᠠ ᠳᠡᠯᠳᠡᠦ᠂ ᠳᠡᠭᠡᠳᠦ ᠲᠠᠰ ᠤᠨ ᠵᠢᠮᠢᠰ ᠢᠳᠡᠰᠢᠨ ᠨᠣᠭᠤᠭ᠎ᠠ ᠵᠡᠷᠭᠡ ᠤᠨᠴᠠᠯᠢᠬᠳᠤ ᠠᠵᠤ ᠦᠢᠯᠡᠰ ᠢ ᠬᠥᠭᠵᠢᠭᠦᠯᠪᠡ︔ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠥᠲᠥᠭᠡᠨ ᠪᠠᠶᠢᠭᠤᠯᠤᠯᠲᠠ ᠶᠢ ᠪᠥᠬᠦ ᠬᠦᠴᠦᠨ ᠢᠶᠠᠷ ᠠᠬᠢᠭᠤᠯᠵᠤ᠂ ᠲᠠᠷᠢᠮᠠᠯ ᠤᠨ ᠪᠦᠲᠦᠴᠡ ᠶᠢ ᠲᠠᠰᠤᠷᠠᠯᠲᠠ ᠥᠬᠡᠶ ᠳᠣᠭᠢᠷᠠᠭᠤᠯᠤᠨ ᠰᠢᠯᠢᠳᠡᠭᠵᠢᠭᠦᠯᠵᠦ᠂ ᠭᠠᠵᠠᠷ ᠰᠢᠷᠣᠶ ᠶᠢᠨ ᠠᠰᠢᠭᠯᠠᠯᠲᠠ ᠶᠢᠨ ᠨᠣᠷᠮ᠎ᠠ ᠶᠢ ᠳᠡᠭᠡᠭᠰᠢᠯᠡᠬᠦᠯᠦᠨ᠂ ᠲᠠᠷᠢᠮᠠᠯ ᠤᠨ ᠦᠢᠯᠡᠰ ᠤᠨ ᠤᠨᠠᠯᠲᠠ ᠪᠠ ᠦᠷ᠎ᠡ ᠠᠰᠢᠭ ᠢ ᠨᠡᠮᠡᠭᠳᠡᠭᠦᠯᠬᠦ ᠶᠢ ᠠᠬᠢᠭᠤᠯᠬᠤ ᠳᠤ ᠪᠠᠲᠤᠯᠠᠭ᠎ᠠ ᠬᠠᠩᠭᠠᠵᠤ᠂ ᠲᠠᠷᠢᠶᠠᠯᠠᠩ ᠤᠨ ᠦᠢᠯᠡᠰ ᠤᠨ ᠬᠥᠭᠵᠢᠯᠲᠡ ᠶᠢ ᠠᠬᠢᠭᠤᠯᠤᠭᠰᠠᠨ ᠪᠠᠶᠢᠨ᠎ᠠ ᠃                   
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ