ᠴᠠᠢ ᠤᠤᠭᠤᠬᠤ ᠶᠢᠨ ᠠᠳᠡᠭᠦᠷᠡᠯ
ᠨᠡᠶᠢᠲᠡᠯᠡᠭᠰᠡᠨ ᠴᠠᠭ᠄
2023/6/2
    ᠡᠯ᠎ᠡ ᠲᠦᠷᠦᠯ ᠤᠨ ᠴᠠᠢ ᠶᠢ ᠪᠤᠴᠠᠯᠤᠭᠰᠠᠨ ᠤᠰᠦ ᠪᠠᠷ ᠪᠦᠷᠢᠬᠦ ᠭᠡᠰᠡᠨ ᠶᠠᠪᠤᠳᠠᠯ ᠪᠢᠰᠢ᠃ ᠶᠡᠷᠦᠳᠡᠭᠡᠨ ᠬᠠᠷ᠎ᠠ ᠴᠠᠢ᠂ ᠤᠯᠠᠭᠠᠨ ᠴᠠᠢ᠂ ᠡᠤ ᠯᠦᠩ ᠴᠠᠢ ᠶᠢ ᠪᠤᠴᠠᠯᠤᠭᠰᠠᠨ ᠤᠰᠤ ᠪᠠᠷ ᠪᠦᠷᠢᠪᠡᠯ᠂ ᠴᠠᠢ ᠶᠢᠨ ᠦᠨᠦᠷ ᠨᠢ ᠤᠯᠠᠮ‌ᠠᠩᠬᠢᠯᠤᠮ᠎ᠠ ᠪᠤᠯᠤᠨ᠎ᠠ᠃ ᠬᠠᠷᠢᠨ ᠨᠤᠭᠤᠭᠠᠨ ᠴᠠᠢ ᠨᠢ ᠬᠠᠷᠢᠴᠠᠩᠭᠤᠢ ᠨᠢᠯᠬ᠎ᠠ ᠨᠠᠪᠴᠢ ᠲᠠᠢ ᠪᠠᠶᠢᠵᠦ᠂ ᠪᠤᠴᠠᠯᠤᠭᠰᠠᠨ‌ᠤᠰᠦ ᠪᠠᠷ ᠪᠦᠷᠢᠪᠡᠯ ᠲᠡᠭᠦᠨ ᠳᠤ ᠠᠭᠤᠯᠤᠭᠳᠠᠬᠤ ᠤᠯᠠᠨ ᠹᠧᠨᠤᠯ ᠤᠨ ᠲᠦᠷᠦᠯ ᠤᠨ ᠪᠤᠳᠠᠰ ᠨᠢ ᠡᠪᠳᠡᠭᠳᠡᠵᠦ᠂ᠴᠠᠢ ᠨᠢ ᠰᠢᠷᠠᠪᠳᠤᠷ ᠪᠤᠯᠬᠤ ᠪᠠᠷ ᠪᠠᠷᠠᠬᠤ ᠦᠭᠡᠢ᠂ ᠠᠩᠬᠢᠯᠤᠮ᠎ᠠ ᠦᠨᠦᠷ ᠨᠢ ᠰᠠᠷᠨᠢᠨ᠎ᠠ᠃ ᠨᠤᠭᠤᠭᠠᠨ ᠴᠠᠢ ᠶᠢ 80℃ - 85℃ ᠤᠨ ᠤᠰᠤ ᠪᠠᠷ 2 - 3 ᠮᠢᠨᠦ᠋ᠲ ᠪᠦᠷᠢᠪᠡᠯ ᠬᠠᠮᠤᠭ ᠤᠨ ᠰᠠᠶᠢᠨ ᠪᠠᠶᠢᠳᠠᠭ᠃
ᠢᠷᠡᠯᠲᠡ᠄ ᠲᠤᠮᠳᠠᠳᠤ ᠤᠯᠤᠰ ᠤᠨ ᠮᠤᠩᠬᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ