ᠨᠡᠶᠢᠲᠡᠯᠢᠭ ᠪᠤᠯᠴᠢᠷᠬᠠᠶᠢᠲᠤ ᠬᠢᠵᠢᠭ᠄ ᠭᠡᠮᠨᠡᠭᠰᠡᠨ ᠮᠣᠷᠢᠨ ᠤ ᠡᠷᠡᠦ ᠳᠣᠣᠷᠠᠬᠢ ᠯᠢᠮᠹᠠ ᠪᠣᠯᠴᠤᠤ ᠵᠢᠨᠲ᠋ᠦ᠋ᠷᠭᠡᠨ ᠴᠢᠨᠠᠷ ᠲᠠᠢ ᠢᠳᠡᠭᠡᠮᠦᠷᠳᠦᠬᠦ ᠦᠷᠪᠢᠰᠦᠯ ᠪᠣᠯᠣᠨ | ᠬᠠᠮᠠᠷ ᠤᠨ ᠰᠠᠯᠢᠰᠤᠲᠤ ᠪᠦᠷᠬᠦᠪᠴᠢ ᠶᠢᠨ ᠺᠠᠲ᠋ᠠᠷᠲᠤ ᠢᠳᠡᠭᠡᠮᠦᠷᠳᠦᠬᠦ ᠵᠡᠷᠭᠡ ᠶᠢᠨ ᠰᠢᠨᠵᠢ ᠲᠡᠮᠳᠡᠭ ᠢ ᠦᠨᠳᠦᠰᠦᠯᠡᠵᠦ ᠲᠠᠬᠤᠯ ᠤᠨ ᠪᠠᠶᠢᠳᠠᠯ ᠲᠠᠢ ᠶᠡᠷᠦ ᠳᠡᠭᠡᠨ | ᠤᠨᠤᠰᠢᠯᠠᠴᠢᠬᠠᠳᠠᠭ ᠶᠤᠮ᠃ ᠴᠢᠬᠤᠯᠠᠲᠠᠢ ᠦᠶ᠎ᠡ ᠳᠤ ᠴᠤᠭᠤᠷᠠᠭᠰᠠᠨ ᠦᠭᠡᠢ ᠪᠣᠭᠯᠠᠭ᠎ᠠ ᠠᠴᠠ ᠢᠳᠡᠭᠡ ᠶᠢ ᠨᠢ ᠠᠪᠴᠤ ᠪᠠᠺᠲ᠋ᠧᠷᠢ ᠶᠢᠨ ᠰᠤᠳᠤᠯᠤᠯ ᠤᠨ | ᠪᠠᠶᠢᠴᠠᠭᠠᠯᠲᠠ ᠬᠢᠵᠦ ᠪᠣᠯᠣᠨ᠎ᠠ᠂ ᠬᠡᠯᠬᠢᠶᠡᠯᠡᠨ ᠵᠢᠭᠰᠠᠭᠰᠠᠨ ᠡᠷᠢᠬᠡᠨ ᠪᠠᠺᠲ᠋ᠧᠷᠢ ᠢᠯᠡᠷᠡᠪᠡᠯ ᠡᠴᠦᠰ ᠤᠨ ᠣᠨᠣᠰᠢᠯᠠᠯᠲᠠ ᠬᠢᠵᠦ ᠪᠣᠯᠣᠨ᠎ᠠ᠃ ᠨᠡᠶᠢᠲᠡᠯᠢᠭ ᠪᠤᠰᠤ | ᠪᠤᠯᠴᠢᠷᠬᠠᠶᠢᠲᠤ ᠬᠢᠵᠢᠭ᠄ ᠠᠳᠤᠭᠤᠨ ᠰᠦᠷᠦᠭ ᠲᠠᠬᠢ ᠨᠡᠶᠢᠲᠡᠯᠢᠭ ᠪᠤᠯᠴᠢᠷᠬᠠᠶᠢᠲᠤ ᠬᠢᠵᠢᠭ ᠪᠣᠯᠣᠨ ᠲᠠᠬᠤᠯ ᠤᠨ ᠪᠠᠶᠢᠳᠠᠯ ᠢ ᠤᠶᠠᠯᠳᠤᠭᠤᠯᠪᠠᠯ ᠰᠠᠶ᠋ᠢ ᠣᠨᠣᠰᠢᠯᠠᠨ | ᠲᠣᠳᠣᠯᠠᠵᠤ ᠴᠢᠳᠠᠨ᠎ᠠ᠃ | ᠬᠤᠣᠷᠲᠤ ᠪᠤᠯᠴᠢᠷᠬᠠᠶᠢᠲᠤ ᠬᠢᠵᠢᠭ᠄ ᠪᠣᠭᠯᠠᠭ᠎ᠠ ᠠᠴᠠ ᠰᠢᠯᠵᠢᠭᠰᠡᠨ ᠣᠷᠣᠨ ᠤ ᠠᠳᠠᠯᠢ ᠪᠤᠰᠤ ᠠᠴᠠ ᠪᠣᠯᠵᠤ ᠣᠨᠣᠰᠢᠯᠠᠬᠤ ᠳᠤ ᠵᠠᠷᠢᠮ ᠨᠢ ᠬᠦᠴᠢᠷᠲᠡᠢ᠂ | ᠵᠠᠷᠢᠮ ᠨᠢ ᠬᠢᠯᠪᠠᠷ ᠪᠠᠶᠢᠳᠠᠭ ᠶᠤᠮ᠃ ᠬᠡᠷᠪᠡ ᠭᠡᠮᠨᠡᠭᠰᠡᠨ ᠮᠣᠷᠢ ᠪᠤᠯᠴᠢᠷᠬᠠᠶᠢᠲᠤ ᠬᠢᠵᠢᠭ ᠲᠤ ᠨᠡᠷᠪᠡᠭᠳᠡᠵᠦ ᠪᠡᠶ᠎ᠡ ᠶᠢᠨ ᠳᠤᠯᠠᠭᠠᠨ ᠨᠢ ᠬᠡᠪ ᠤᠨ ᠪᠠᠶᠢᠳᠠᠯ ᠳᠠᠭᠠᠨ | ᠣᠷᠣᠭᠠᠳ ᠳᠠᠬᠢᠨ ᠳᠡᠭᠡᠭᠰᠢᠯᠡᠨ ᠰᠠᠯᠢᠰᠤᠲᠤ ᠪᠦᠷᠬᠦᠪᠴᠢ ᠨᠢ ᠰᠢᠷᠠᠯᠠᠵᠤ᠂ ᠢᠳᠡᠬᠦ ᠨᠢ ᠪᠠᠭᠠᠳᠠᠨ ᠤᠯᠠᠮ ᠢᠶᠠᠷ ᠡᠴᠡᠵᠦ᠂ ᠴᠠᠭᠠᠨ ᠡᠰ ᠤᠨ ᠶᠡᠷᠦᠩᠬᠡᠢ ᠲᠤᠭ᠎ᠠ ᠪᠣᠯᠣᠨ | ᠰᠠᠭᠠᠷᠮᠠᠭ ᠴᠠᠭᠠᠨ ᠡᠰ ᠨᠢ ᠮᠡᠳᠡᠭᠳᠡᠮ᠎ᠡ ᠨᠡᠮᠡᠭᠳᠡᠵᠦ᠂ ᠪᠠᠰᠠ ᠠᠳᠤᠭᠤᠨ ᠤ ᠬᠠᠯᠳᠠᠪᠤᠷᠢᠲᠤ ᠴᠢᠰᠤ ᠪᠠᠭᠠᠳᠠᠯ ᠪᠣᠯᠣᠨ ᠠᠳᠤᠭᠤᠨ ᠤ ᠶᠠᠮᠠ ᠡᠪᠡᠳᠴᠢᠨ ᠤ ᠲᠡᠦᠬᠡ | ᠦᠭᠡᠢ ᠪᠣᠯ ᠠᠩᠬ᠎ᠠ ᠠᠯᠬᠤᠮ ᠪᠤᠯᠴᠢᠷᠬᠠᠶᠢᠲᠤ ᠬᠢᠵᠢᠭ ᠢᠶᠠᠷ ᠣᠨᠣᠰᠢᠯᠠᠵᠤ ᠪᠣᠯᠣᠨ᠎ᠠ᠃ ᠬᠡᠷᠪᠡ ᠴᠢᠴᠠᠷᠬᠠᠢ ᠶᠢᠨ ᠪᠤᠯᠴᠢᠷᠬᠠᠢ ᠶᠢᠨ ᠪᠣᠭᠯᠠᠭ᠎ᠠ ᠪᠠᠷ ᠰᠡᠵᠢᠭᠯᠡᠪᠡᠯ | ᠬᠤᠰᠬᠢᠨᠠᠭ ᠤᠨ ᠪᠠᠶᠢᠴᠠᠭᠠᠯᠲᠠ ᠬᠢᠵᠦ ᠪᠣᠯᠣᠨ᠎ᠠ᠃ ᠦᠬᠦᠭᠰᠡᠨ ᠤ ᠳᠠᠷᠠᠭ᠎ᠠ ᠳᠣᠲᠣᠷ᠎ᠠ ᠡᠷᠬᠡᠲᠡᠨ ᠪᠤᠶᠤ ᠭᠦᠨ ᠬᠡᠰᠡᠭ ᠤᠨ ᠯᠢᠮᠹᠠ ᠪᠣᠯᠴᠤᠤ ᠳᠤ ᠪᠣᠭᠯᠠᠭ᠎ᠠ ᠢᠯᠡᠷᠡᠵᠦ | ᠂ ᠪᠠᠺᠲ᠋ᠧᠷᠢ ᠶᠢᠨ ᠪᠠᠶᠢᠴᠠᠭᠠᠯᠲᠠ ᠳᠤ ᠡᠷᠢᠬᠡᠨ ᠪᠠᠺᠲ᠋ᠧᠷᠢ ᠪᠠᠶᠢᠪᠠᠯ ᠪᠠᠰᠠ ᠣᠨᠣᠰᠢᠯᠠᠨ ᠲᠣᠳᠣᠯᠠᠵᠤ ᠪᠣᠯᠣᠨ᠎ᠠ᠃ | ︵ᠢᠷᠡᠯᠲᠡ᠄ ᠰᠠᠨᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠣᠮ ᠠᠴᠠ | ᠰᠣᠩᠭᠤᠨ ᠰᠡᠶᠢᠷᠡᠭᠦᠯᠪᠡ᠃︶ |