ᠮᠠᠨ ᠤ ᠬᠤᠰᠢᠬᠤᠨ ᠤ  ᠰᠢᠶᠠᠨ ᠹᠧᠩ ᠪᠠᠯᠭᠠᠰᠠᠨ ᠤ ᠴᠠᠭᠠᠨ  ᠬᠠᠯᠢᠰᠤᠲᠤ ᠬᠡᠮᠬᠡ ᠪᠣᠯᠪᠠᠰᠤᠷᠠᠵᠤ ᠵᠠᠬ᠎ᠠ ᠳᠡᠯᠭᠡᠭᠦᠷ ᠲᠤ ᠭᠠᠷᠴᠤ ᠡᠬᠢᠯᠡᠪᠡ
ᠨᠡᠶᠢᠲᠡᠯᠡᠭᠰᠡᠨ ᠴᠠᠭ᠄
2023/6/14
       ᠵᠤᠨ ᠤ 6 ᠰᠠᠷ᠎ᠠ ᠪᠠᠷ ᠂ ᠮᠠᠨ ᠤ ᠬᠤᠰᠢᠭᠤᠨ ᠤ ᠰᠢᠶᠠᠨ ᠹᠧᠩ ᠪᠠᠯᠭᠠᠰᠤᠨ ᠤ 5000 ᠮᠤ᠋ ᠴᠠᠭᠠᠨ ᠬᠠᠯᠢᠰᠤᠲᠤ ᠬᠡᠮᠬᠡ ᠵᠠᠯᠭᠠᠪᠠᠷ ᠵᠠᠭ᠎ᠠ ᠳᠡᠯᠬᠢᠭᠦᠷ ᠲᠤ ᠭᠠᠷᠴᠤ᠂  ᠦᠷᠭᠡᠨ ᠣᠯᠠᠨ ᠬᠡᠷᠡᠭᠯᠡᠭᠴᠢᠳ ᠤᠨ ᠬᠠᠯᠠᠭᠤᠨ ᠬᠦᠷᠢᠶᠡᠯᠡᠯ ᠢ ᠣᠯᠵᠤ᠂ ᠲᠣᠬᠠᠢ ᠶᠢᠨ ᠭᠠᠵᠠᠷ  ᠤᠨ ᠲᠠᠷᠢᠶᠠᠴᠢᠳ ᠤᠨ ᠴᠢᠷᠠᠢ ᠳᠤ ᠪᠠᠶᠠᠷ ᠤᠨ ᠮᠤᠰᠢᠶᠡᠯ ᠲᠣᠳᠤᠷᠠᠵᠤ ᠪᠠᠶᠢᠯ᠎ᠠ᠃      ᠣᠶᠢᠷ᠎ᠠ ᠳᠤ᠂ ᠰᠣᠷᠪᠤᠯᠵᠢᠯᠠᠬᠴᠢ ᠶᠢ ᠬᠤᠰᠢᠭᠤᠨ ᠤ ᠰᠢᠶᠠᠨ ᠹᠧᠩ ᠪᠠᠯᠭᠠᠰᠤᠨ ᠤ ᠰᠢᠶᠠᠨ ᠹᠧᠩ ᠲᠣᠰᠬᠤᠨ ᠤ  ᠹᠦ᠋ ᠵᠢᠶᠠ ᠳᠤᠭᠤᠶᠢᠯᠠᠩ ᠳᠤ ᠬᠦᠷᠬᠦ ᠳᠤ᠂ ᠴᠠᠭᠠᠨ ᠬᠠᠯᠢᠰᠤᠲᠤ ᠬᠡᠮᠬᠡ ᠶᠢᠨ ᠠᠷᠠᠯᠵᠢᠶᠠᠨ ᠤ ᠵᠠᠬ᠎ᠠ ᠳᠤ 7.8 ᠲᠣᠮᠣ ᠠᠴᠢᠶᠠᠨ ᠤ ᠮᠠᠰᠢᠨ ᠳᠤ ᠲᠠᠷᠢᠶᠠᠴᠢᠳ ᠠᠮᠲᠠᠲᠤ ᠬᠡᠮᠬᠡ ᠲᠡᠭᠦᠵᠦ  ᠪᠣᠭᠤᠳᠠᠯᠯᠠᠨ᠂ ᠬᠠᠶᠢᠷᠴᠠᠭ ᠬᠠᠶᠢᠷᠴᠠᠭ ᠠᠮᠲᠠᠲᠤ ᠬᠡᠮᠭᠡ ᠶᠢ ᠵᠢᠩᠨᠡᠵᠦ ᠲᠡᠷᠭᠡᠨ ᠳᠤ ᠭᠠᠷᠭᠠᠵᠤ ᠪᠠᠶᠢᠬᠤ ᠶᠢ ᠣᠯᠵᠤ ᠬᠠᠷᠠᠯ᠎ᠠ᠃

白梨脆6.png

       ᠯᠢᠦ ᠰᠢᠨ ᠪᠣᠯ ᠰᠢᠶᠠᠨ  ᠹᠧᠩ ᠪᠠᠯᠭᠠᠰᠤᠨ ᠤ  ᠹᠧᠩ  ᠵᠢᠶᠠ ᠳᠤᠭᠤᠶᠢᠯᠠᠩ ᠤᠨ ᠲᠣᠰᠬᠤᠨ ᠤ ᠠᠷᠠᠳ ᠪᠣᠯᠣᠨ᠎ᠠ᠃ ᠴᠠᠭᠠᠨ ᠬᠠᠯᠢᠰᠤᠲᠤ ᠠᠮᠲᠠᠲᠤ 

ᠬᠡᠮᠬᠡ ᠲᠠᠷᠢᠭᠰᠠᠨ ᠡᠷᠦᠭᠡ ᠶᠢᠨ  ᠣᠷᠤᠯᠭ᠎ᠠ ᠨᠢ ᠨᠠᠯᠢᠶᠡᠳ ᠵᠦᠭᠡᠷ ᠪᠠᠶᠢᠬᠤ ᠶᠢ ᠦᠵᠡᠭᠡᠳ ᠂ ᠲᠡᠷᠡ ᠪᠠᠰᠠ ᠴᠠᠭᠠᠨ ᠬᠠᠯᠢᠰᠤᠲᠤ ᠠᠮᠲᠠᠲᠤ ᠬᠡᠮᠭᠡ ᠲᠠᠷᠢᠬᠤ ᠪᠣᠳᠣᠯ

ᠣᠷᠣᠵᠤ᠂ ᠨᠢᠳᠤᠨᠤᠨ  ᠹᠦ᠋  ᠵᠢᠶᠠ ᠳᠤᠭᠤᠶᠢᠯᠠᠩ ᠳᠤ 10 ᠮᠤ᠋ ᠶᠢᠨ ᠶᠡᠭᠡ ᠭᠦᠯᠡᠮᠵᠢ ᠶᠢ ᠳᠠᠭᠠᠭᠠᠴᠢᠯᠠᠭᠠᠳ ᠴᠠᠭᠠᠨ ᠬᠠᠯᠢᠰᠤᠲᠤ ᠠᠮᠲᠠᠲᠤ ᠬᠡᠮᠬᠡ ᠲᠠᠷᠢᠪᠠ᠃ ᠡᠨᠡ

ᠬᠡᠳᠦᠨ ᠡᠳᠦᠷ ᠲᠡᠭᠦᠨ ᠤ ᠲᠠᠷᠢᠭᠰᠠᠨ ᠴᠠᠭᠠᠨ ᠬᠠᠯᠢᠰᠦᠲᠤ ᠠᠮᠲᠠᠲᠤ ᠬᠡᠮᠬᠡ ᠨᠢ ᠵᠠᠯᠭᠠᠪᠠᠷ  ᠵᠠᠬ᠎ᠠ ᠳᠡᠯᠭᠡᠭᠦᠷ ᠲᠤ ᠭᠠᠷᠴᠤ ᠂ ᠳᠡᠭᠦᠬᠦ ᠶᠢᠨ ᠳᠠᠭᠠᠤ ᠳᠤ

ᠬᠤᠳᠠᠯᠳᠤᠵᠤ ᠂  ᠪᠣᠷᠤᠯᠠᠭᠤᠯᠭ᠎ᠠ ᠨᠢ ᠬᠠᠩᠭᠠᠯᠭ᠎ᠠ  ᠶᠢᠨ ᠬᠡᠷᠡᠭᠴᠡᠭᠡ ᠳᠡᠭᠡᠨ ᠬᠦᠷᠬᠦ ᠦᠭᠡᠢ ᠪᠣᠯᠪᠠ ᠃ ᠲᠡᠭᠦᠨ ᠪ᠊ ᠨᠢᠭᠡ ᠮᠤ᠋ ᠬᠦᠯᠡᠮᠵᠢ ᠶᠢᠨ  ᠣᠷᠤᠯᠭ᠎ᠠ ᠨᠢ

ᠠᠷᠪᠠᠨ  ᠮᠤ᠋ ᠡᠷᠳᠡᠨᠢ ᠰᠢᠰᠢ ᠲᠠᠷᠢᠭᠰᠠᠨ ᠲᠠᠢ ᠲᠡᠩᠴᠡᠵᠦ᠂  ᠣᠨᠴᠠᠯᠢᠭᠲᠤ ᠲᠠᠷᠢᠮᠠᠯ ᠲᠠᠷᠢᠬᠤ ᠨᠢ ᠲᠡᠭᠦᠨ ᠤ ᠠᠮᠢᠳᠤᠷᠠᠯ ᠢ  ᠶᠠᠪᠤᠬᠤ ᠲᠤᠲᠤᠮ  ᠰᠠᠶᠢᠨ ᠪᠤᠯᠭᠠᠵᠤ 

ᠡᠬᠢᠯᠡᠪᠡ᠃

      ᠯᠢᠤ ᠰᠢᠨ ᠰᠣᠷᠪᠤᠯᠵᠢᠯᠠᠭᠴᠢ ᠳᠤ ᠄ ︽ᠪᠢ ᠥᠩᠭᠡᠷᠡᠭᠰᠡᠨ ᠳᠤ ᠡᠷᠳᠡᠨᠢ ᠮᠢᠰᠢ ᠲᠠᠷᠢᠵᠤ ᠪᠠᠶᠢᠵᠠᠢ᠃ ᠨᠢᠳᠤᠭᠤᠨ ᠠᠷᠪᠠᠨ  ᠮᠤ᠋ ᠭᠠᠵᠠᠷ ᠳᠠᠭᠠᠭᠠᠴᠢᠯᠠᠭᠠᠳ

ᠭᠦᠯᠡᠮᠵᠢ ᠪᠠᠷᠢᠵᠤ᠂ ᠴᠠᠭᠠᠨ ᠬᠠᠯᠢᠰᠤᠲᠤ ᠠᠮᠲᠠᠲᠤ ᠬᠡᠮᠬᠡ ᠲᠠᠷᠢᠵᠠᠢ᠂ ᠣᠳᠣ ᠴᠠᠭᠠᠨ ᠬᠠᠯᠢᠰᠤᠲᠤ  ᠠᠮᠲᠠᠲᠤ ᠬᠡᠮᠬᠡ  ᠪᠠᠨ ᠲᠠᠷᠢᠵᠤ ᠪᠠᠷᠠᠭᠰᠠᠨ ᠤ  ᠰᠡᠭᠦᠯᠡᠷ

ᠵᠠᠯᠭᠠᠭᠠᠳ ᠪᠠᠰᠠ ᠪᠤᠷᠴᠠᠭ᠂ ᠴᠢᠨᠵᠦᠦ ᠵᠡᠷᠭᠡ ᠶᠢ ᠲᠠᠷᠢᠨ᠎ᠠ᠂ ᠢᠩᠭᠢᠵᠦ ᠲᠠᠷᠢᠬᠤ ᠨᠢ ᠡᠷᠳᠡᠨᠢ ᠰᠢᠰᠢ ᠲᠠᠷᠢᠬᠤ ᠠᠴᠠ ᠶᠡᠭᠡ ᠠᠰᠢᠭ ᠲᠠᠢ︾ ᠭᠡᠵᠦ  ᠪᠠᠶᠢᠯ᠎ᠠ᠃

     ᠰᠢᠶᠠᠨ  ᠹᠧᠩ ᠪᠢᠯᠭᠠᠰᠤᠨ ᠤ ᠴᠠᠭᠠᠨ ᠬᠠᠯᠢᠰᠤᠲᠤ ᠠᠮᠲᠠᠲᠤ  ᠬᠡᠮᠬᠡ ᠨᠢ  ᠠᠩᠭᠢᠯᠤᠮ᠎ᠠ ᠰᠠᠶᠢᠬᠠᠨ ᠦᠨᠦᠷ ᠲᠠᠢ ᠮᠥᠷᠲᠡᠭᠡᠨ ᠬᠠᠯᠢᠰᠤ ᠨᠢ ᠨᠢᠮᠭᠡᠨ ᠢᠳᠡᠬᠦ ᠳᠤ 

ᠠᠮᠲᠠ ᠲᠠᠢ  ᠪᠠᠶᠢᠳᠠᠭ ᠠᠴᠠ ᠡᠯ᠎ᠡ ᠭᠠᠵᠠᠷ ᠤᠨ  ᠬᠤᠳᠠᠯᠳᠤᠭᠠᠴᠢᠳ ᠤᠨ ᠬᠦᠷᠢᠶᠡᠯᠡᠯ ᠢ  ᠶᠡᠬᠡᠳᠡ ᠣᠯᠵᠤ᠂  ᠬᠤᠳᠠᠯᠳᠤᠭᠠᠴᠢᠳ ᠴᠤ  ᠠᠳᠡ ᠢᠷᠡᠬᠦ ᠳᠤᠷᠠᠲᠠᠢ 

ᠪᠣᠯᠵᠠᠢ᠃

白梨脆7.png

     

      ᠱᠠᠨ ᠰᠢ ᠮᠤᠵᠢ ᠶᠢᠨ ᠲᠠᠶᠢᠶᠤᠲᠠᠨ ᠬᠤᠲᠠ ᠶᠢᠨ ᠬᠤᠳᠠᠯᠳᠤᠭᠠᠴᠢᠨ ᠮᠧᠩ ᠶᠦᠨ ᠪᠢᠩ《 ᠪᠢ ᠤᠷᠠᠳ  ᠤᠨ ᠡᠮᠦᠨᠡᠲᠦ ᠬᠤᠰᠢᠭᠤᠨ ᠤ ᠰᠢᠶᠠᠨ ᠫᠧᠩ

ᠪᠠᠯᠭᠠᠰᠤᠨ ᠳᠤ ᠢᠷᠡᠭᠡᠳ ᠠᠷᠪᠠᠨ ᠬᠡᠳᠦᠨ ᠵᠢᠯ ᠪᠣᠯᠵᠤ ᠪᠠᠶᠢᠨ᠎ᠠ᠃ ᠡᠳᠡᠭᠢ ᠠᠮᠲᠠᠲᠤ ᠬᠡᠮᠬᠡ ᠮᠠᠰᠢ ᠠᠮᠲᠠᠲᠠᠶ ᠂ ᠡᠳᠦᠷ ᠰᠥᠨᠢ ᠶᠢᠨ ᠳᠤᠯᠠᠭᠠᠨ ᠤ ᠵᠥᠷᠢᠶ᠎ᠡ ᠶᠡᠭᠡ᠂

ᠭᠡᠷᠡᠯ ᠲᠤᠰᠬᠤ ᠴᠠᠭ ᠨᠢ ᠤᠷᠲᠤ᠂ ᠮᠠᠨ ᠤ ᠵᠠᠬ᠎ᠠ ᠳᠡᠯᠭᠡᠭᠦᠷ ᠲᠤ ᠪᠣᠷᠣᠯᠠᠭᠤᠯᠬᠤ ᠳᠤ ᠪᠤᠰᠤᠳ ᠭᠠᠵᠠᠷ ᠤᠨ ᠠᠮᠲᠠᠲᠤ  ᠬᠡᠮᠬᠡ ᠬᠤᠳᠠᠯᠳᠤᠬᠤ ᠠᠴᠠ ᠬᠤᠯᠠ ᠰᠠᠶᠢᠨ

ᠪᠠᠶᠢᠳᠠᠭ︾ ᠭᠡᠵᠦ  ᠰᠤᠷᠪᠤᠯᠵᠢᠯᠠᠭᠴᠢ ᠳᠤ ᠶᠠᠷᠢᠵᠤ  ᠪᠠᠶᠢᠯ᠎ᠠ᠃

      ᠰᠤᠷᠪᠤᠯᠵᠢᠯᠠᠭᠴᠢ ᠶᠢᠨ  ᠣᠶᠢᠯᠠᠭᠠᠭᠰᠠᠨ ᠢᠶᠠᠷ᠂ ᠰᠢᠶᠠᠨ  ᠹᠧᠩ ᠪᠠᠯᠭᠠᠰᠤᠨ ᠤ  ᠹᠦ᠋ ᠵᠢᠶᠠ ᠳᠤᠭᠤᠶᠢᠯᠠᠩ ᠬᠡᠪᠴᠢᠶᠡᠵᠢᠭᠦᠯᠦᠨ  ᠲᠠᠷᠢᠭᠰᠠᠨ ᠠᠮᠲᠠᠲᠤ ᠬᠡᠮᠬᠡ

 ᠶᠢᠨ ᠭᠦᠯᠡᠮᠵᠢ ᠶᠢᠨ ᠣᠶᠢᠷᠠᠯᠴᠠᠭ᠎ᠠ 3 ᠡᠷᠦᠭᠡ ᠠᠮᠲᠠᠲᠤ ᠬᠡᠮᠬᠡ ᠶᠢᠨ ᠠᠷᠠᠯᠵᠢᠶᠡᠨ ᠤ ᠶᠠᠬ᠎ᠠ ᠳᠡᠯᠭᠡᠭᠦᠷ ᠪᠠᠶᠢᠵᠤ᠂ ᠲᠠᠷᠢᠮᠠᠯ ᠤᠨ ᠡᠷᠦᠭᠡ ᠳᠤ ᠦᠨ᠎ᠡ ᠲᠥᠯᠥᠪᠦᠷᠢ

ᠦᠭᠡᠢ ᠪᠠᠷ ᠬᠡᠷᠡᠭᠯᠡᠭᠦᠯᠵᠦ ᠪᠠᠶᠢᠨ᠎ᠠ᠂ ᠵᠠᠰᠠᠭ ᠤᠨ ᠣᠷᠳᠣᠨ ᠠᠵᠤ  ᠦᠢᠯᠡᠰ ᠢ ᠳᠦᠯᠬᠢᠨ ᠠᠬᠢᠭᠤᠯᠵᠤ ᠂ ᠲᠠᠷᠢᠶᠠᠴᠢᠳ ᠤᠨ ᠲᠠᠷᠢᠮᠠᠯ ᠤᠨ ᠮᠡᠷᠭᠡᠵᠢᠯ ᠤᠨ ᠬᠢᠷᠢ

ᠲᠦᠪᠰᠢᠨ ᠢ ᠳᠡᠭᠡᠭᠰᠢᠯᠡᠭᠦᠯᠬᠦ ᠪᠠ ᠵᠠᠬ᠎ᠠ ᠳᠡᠯᠭᠡᠭᠦᠷ ᠤᠨ ᠬᠡᠷᠡᠭᠴᠡᠭᠡ ᠶᠢ ᠲᠠᠰᠤᠷᠠᠯᠲᠠ ᠦᠭᠡᠢ ᠥᠷᠭᠡᠳᠬᠡᠬᠦ  ᠶᠢ ᠲᠠᠭᠠᠯᠳᠤᠨ᠂ ᠣᠳᠣᠬᠠᠨ ᠤ ᠴᠠᠭᠠᠨ ᠬᠠᠯᠢᠰᠤᠲᠤ 

ᠠᠮᠲᠠᠲᠤ ᠬᠡᠮᠬᠡ ᠨᠢ ᠨᠢᠭᠡᠨᠲᠡ ᠭᠤᠣᠯᠯᠠᠬᠤ ᠠᠵᠤ ᠦᠢᠯᠡᠰ ᠪᠣᠯᠵᠤ᠂ ᠤᠯᠠᠮ  ᠣᠯᠠᠨ  ᠲᠠᠷᠢᠶᠠᠴᠢᠨ ᠡᠷᠦᠭᠡ ᠠᠮᠲᠠᠲᠤ ᠬᠡᠮᠬᠡ  ᠲᠠᠷᠢᠬᠤ ᠪᠠᠷ ᠳᠡᠮᠵᠢᠨ ᠪᠠᠶᠠᠵᠢᠨ

ᠴᠢᠨᠡᠭᠡᠯᠢᠭᠵᠢᠬᠦ ᠵᠠᠮ ᠢᠶᠠᠷ ᠵᠠᠮᠨᠠᠵᠤ ᠪᠠᠶᠢᠨ᠎ᠠ᠃

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠬᠠᠮ ᠵᠠᠭᠤᠴᠢᠯᠠᠭᠤᠷ ᠤᠨ ᠲᠦᠪ