ᠬᠠᠨᠢᠶᠠᠲᠤ ᠶᠢ ᠵᠠᠰᠠᠬᠤ ᠵᠣᠷ
ᠨᠡᠶᠢᠲᠡᠯᠡᠭᠰᠡᠨ ᠴᠠᠭ᠄
2023/5/18
     ᠪᠣᠷᠠᠮ᠂ ᠭᠠ᠂ ᠴᠢᠪᠠᠭ᠎ᠠ ᠶᠢᠨ ᠱᠦᠯᠦ ᠬᠢᠮᠤᠷᠠᠭ᠎ᠠ ᠬᠠᠨᠢᠶᠠᠲᠤ  ᠶᠢ ᠵᠠᠰᠠᠨ᠎ᠠ᠃ ᠪᠤᠷᠠᠮ 30 ᠭᠷᠡᠮ᠂ ᠬ᠋ᠨ 15 ᠭᠷᠠᠮ᠂ ᠤᠯᠠᠭᠠᠨ ᠴᠢᠪᠠᠭ᠎ᠠ 30 ᠭᠷᠡᠮ᠃ ᠭᠤᠷᠪᠠᠨ ᠠᠶᠠᠭ᠎ᠠ ᠤᠰᠤ ᠶᠢ ᠬᠠᠭᠠᠰ ᠦᠯᠡᠳᠡᠲᠡᠯ᠎ᠡ ᠴᠢᠨᠠᠵᠤ ᠤᠤᠭᠤᠪᠠᠯ᠂ ᠪᠠᠭ᠋ᠠᠨ ᠬᠥᠯᠦᠷᠡᠭᠰᠡᠨ ᠤ ᠳᠠᠷᠠᠭ᠎ᠠ ᠡᠪᠡᠳᠴᠢᠨ ᠰᠠᠶᠢᠨ ᠪᠤᠯᠳᠠᠭ᠃     ᠰᠢᠶᠠᠩᠼᠠᠢ ᠶᠢᠨ ᠱᠦᠯᠦ ᠬᠢᠮᠤᠷᠠᠭ᠎ᠠ ᠠᠴᠠ ᠪᠣᠯᠤᠭᠰᠠᠨ ᠬᠠᠨᠢᠶᠠᠲᠤ ᠶᠢ ᠳᠠᠷᠤᠨ᠎ᠠ᠃ ᠰᠢᠶᠠᠩᠼᠠᠢ 2 ᠭᠷᠡᠮ᠂ ᠰᠢᠬᠢᠷ 2 ᠭᠷᠡᠮ᠂ ᠲᠤᠲᠤᠷᠭ᠎ᠠ 100 ᠭᠷᠡᠮ᠃ ᠲᠤᠲᠤᠷᠭ᠎ᠠ ᠪᠠᠨ ᠰᠠᠶᠢᠲᠤᠷ ᠤᠬᠢᠶᠠᠨ ᠴᠢᠨᠠᠵᠤ᠂ ᠲᠤᠲᠤᠷᠭ᠎ᠠ ᠶᠢᠨ ᠰᠥᠮᠥᠰᠦ 3 ᠬᠠᠯᠪᠠᠭ᠎ᠠ ᠳᠡᠭᠡᠷ᠎ᠡ ᠰᠢᠶᠠᠩᠼᠠᠢ᠂ ᠰᠢᠬᠢᠷ ᠢᠶᠠᠨ ᠬᠢᠵᠦ 10 ᠮᠢᠨᠦ᠋ᠲ ᠵᠢᠩᠨᠠᠨ᠎ᠠ᠃ ᠬᠠᠯᠠᠭᠤᠨ ᠢᠶᠠᠷ ᠨᠢ ᠤᠤᠭᠤᠪᠠᠯ ᠬᠢᠮᠤᠷᠠᠭ᠎ᠠ ᠠᠴᠠ ᠪᠣᠯᠤᠭᠰᠠᠨᠬᠠᠨᠢᠶᠠᠲᠤ  ᠶᠢ  ᠵᠠᠰᠠᠨ᠎ᠠ᠃     ᠴᠠᠭᠠᠨ ᠯᠤᠣᠪᠠᠩ ᠪᠣᠯ ᠬᠦᠢᠲᠡᠨ ᠬᠠᠨᠢᠶᠠᠲᠤ ᠶᠢ ᠵᠠᠰᠠᠨ᠎ᠠ᠃ ᠴᠠᠭᠠᠨ ᠯᠤᠣᠪᠠᠩ 20 ᠭᠷᠡᠮ᠂ ᠴᠠᠭᠠᠨ ᠬᠤᠤᠵᠤᠤ 5 ᠮᠥᠬᠦᠯᠢᠭ᠂ ᠵᠡᠭᠡᠷᠬᠡᠨ᠎ᠡ 2 ᠭᠷᠡᠮ᠃ ᠯᠤᠤᠪᠠᠩ ᠢᠶᠠᠨ ᠤᠬᠢᠶᠠᠵᠤ ᠬᠡᠷᠴᠢᠭᠡᠳ ᠠᠶᠠᠭᠠᠨ ᠳᠤ ᠬᠢᠵᠦ᠂ ᠪᠡᠯ᠂ ᠴᠠᠭᠠᠨ ᠬᠤᠤᠵᠤᠤ᠂ ᠵᠡᠭᠡᠷᠬᠡᠨ᠎ᠡ ᠲᠠᠢ ᠬᠠᠭᠠᠰ ᠴᠠᠭ ᠵᠢᠩᠨᠡᠭᠡᠳ ᠬᠠᠯᠠᠭᠤᠨ ᠢᠶᠠᠷ ᠨᠢ ᠤᠤᠭᠤᠨ᠎ᠠ᠃     ᠴᠡᠭᠡ ᠬᠠᠯᠠᠭᠤᠨ ᠢ ᠬᠥᠭᠡᠭᠡᠵᠦ ᠬᠠᠨᠢᠶᠠᠲᠤ ᠶᠢ ᠵᠣᠭᠰᠣᠭᠠᠨ᠎ᠠ᠃ ᠴᠡᠭᠡ 200 ᠮᠢᠯᠢᠯᠢᠲᠷ᠂ ᠴᠠᠭᠠᠨ ᠰᠢᠬᠢᠷ ᠪᠠᠭ᠎ᠠ ᠬᠢᠨ᠎ᠡ᠃ ᠴᠡᠭᠡ ᠪᠠᠨ ᠪᠤᠴᠠᠯᠭᠠᠭᠰᠠᠨ ᠤ ᠳᠠᠷᠠᠭ᠎ᠠ ᠤᠤᠭᠤᠬᠤ  ᠦᠶᠡᠰ ᠴᠠᠭᠠᠨ ᠰᠢᠬᠢᠷ ᠬᠢᠨ᠎ᠡ᠃ ᠴᠡᠭᠡ ᠨᠢ ᠤᠮᠳᠠ ᠲᠠᠶᠢᠯᠵᠤ ᠬᠠᠯᠠᠭᠤᠨ  ᠢ ᠬᠥᠭᠡᠬᠦ᠂ ᠴᠢᠰᠤ ᠨᠥᠭᠦᠬᠦ᠂ ᠬᠠᠨᠢᠶᠠᠲᠤ  ᠶᠢ ᠵᠣᠭᠰᠣᠭᠠᠬᠤ ᠦᠢᠯᠡᠳᠦᠯ ᠲᠠᠢ᠃ ᠠᠭᠤᠰᠬᠢᠨ ᠰᠣᠷᠢᠶ᠎ᠡ᠂ ᠬᠠᠨᠢᠶᠠᠲᠤ ᠶᠢ ᠵᠠᠰᠠᠬᠤ ᠪᠠ ᠬᠠᠯᠠᠭᠤᠨ ᠢ ᠰᠡᠷᠭᠡᠶᠢᠯᠡᠬᠦ ᠳᠤ ᠣᠨᠴᠠ ᠶᠢᠨ ᠲᠤᠰᠠᠲᠠᠢ᠃
ᠢᠷᠡᠯᠲᠡ᠄ ︽ᠥᠪᠥᠷ ᠮᠣᠩᠭᠤᠯ ᠤᠨ ᠡᠳᠦᠷ ᠤᠨ ᠰᠣᠨᠢᠨ︾