ᠠᠮᠠ ᠮᠣᠷᠣᠶᠢᠬᠤ ᠶᠢᠨ ᠰᠢᠯᠲᠠᠭᠠᠨ
ᠨᠡᠶᠢᠲᠡᠯᠡᠭᠰᠡᠨ ᠴᠠᠭ᠄
2023/5/18
    ᠵᠠᠷᠢᠮ ᠬᠥᠮᠦᠨ ᠥᠷᠯᠥᠭᠡ ᠪᠣᠰᠣᠮᠠᠭᠴᠠ ᠭᠡᠨᠡᠳᠲᠡ᠂ ᠠᠮᠠ ᠨᠢ  ᠮᠣᠷᠣᠶᠢᠵᠣ᠂ ᠨᠢᠳᠦ ᠨᠢ ᠵᠢᠷᠲᠠᠶᠢᠨ᠂ ᠰᠢᠯᠦᠰᠦ ᠭᠤᠭᠤᠵᠢᠭᠠᠳ ᠬᠠᠷᠠᠭ᠎ᠠ ᠪᠠᠯᠠᠷᠠᠳᠠᠭ᠃ ᠡᠭᠦᠨ ᠢᠶᠠᠨ ᠤᠷᠢᠲᠤ ᠰᠥᠨᠢ ᠬᠤᠯᠠᠭᠠᠶ ᠢ ᠵᠢᠪᠡᠷ ᠲᠤ ᠴᠣᠬᠢᠭᠳᠠᠴᠢᠬᠠᠯ᠎ᠠ ᠭᠡᠳᠡᠭ᠃ ᠬᠡᠷᠡᠭ ᠳᠡᠭᠡᠷ᠎ᠡ ᠪᠠᠨ ᠲᠡᠶᠢᠮᠦ ᠤᠴᠢᠷ ᠪᠢᠰᠢ᠃ ᠡᠮᠨᠡᠯᠭᠡ ᠶᠢᠨ ᠤᠬᠠᠭᠠᠨ ᠳᠤ ᠡᠭᠦᠨ ᠢ ᠨᠢᠭᠤᠷ ᠤᠨ ᠮᠠᠲᠠᠷᠠᠯ ᠤᠨ ᠮᠢᠨᠴᠦᠭᠦᠷᠡᠯ ᠭᠡᠵᠦ᠂ ᠪᠠᠰᠠ ᠨᠢᠭᠤᠷ ᠤᠨ ᠰᠠ ᠭᠡᠳᠡᠭ᠂ ᠨᠢᠭᠤᠷ ᠤᠨ ᠪᠤᠯᠴᠢᠩ ᠢ ᠨᠢᠭᠤᠷ ᠤᠨ ᠮᠠᠲᠠᠷᠠᠯ ᠵᠠᠬᠢᠷᠳᠠᠭ᠃ ᠨᠢᠭᠤᠷ  ᠤᠨ ᠮᠠᠲᠠᠷᠠᠯ ᠨᠢ ᠨᠢᠭᠤᠷ ᠤᠨ ᠵᠡᠭᠦᠨ ᠪᠠᠷᠠᠭᠤᠨ ᠬᠤᠶᠠᠷ ᠲᠠᠯ᠎ᠠ ᠳᠤ ᠲᠡᠭᠰᠢ ᠬᠡᠮ ᠲᠠᠢ ᠨᠢᠭᠤᠷᠯᠠᠵᠤ᠂ ᠬᠡᠷᠪᠡ ᠮᠠᠲᠠᠷᠠᠯ ᠤᠨ ᠰᠠᠭᠠᠲᠠᠯᠲᠠ ᠡᠭᠦᠰᠬᠦ ᠦᠭᠡᠢ ᠪᠣᠯ ᠨᠢᠭᠤᠷ ᠤᠨ ᠬᠤᠶᠠᠷ ᠲᠠᠯ᠎ᠠ ᠡᠪ ᠠᠳᠠᠯᠢᠬᠠᠨ ᠪᠠᠶᠢᠳᠠᠭ᠃ ᠬᠡᠷᠪᠡ ᠨᠢᠭᠡ ᠲᠠᠯ᠎ᠠ ᠶᠢᠨ ᠮᠠᠲᠠᠷᠠᠯ ᠨᠢ ᠬᠡᠮᠲᠦᠪᠡᠯ ᠲᠤᠰ ᠲᠠᠯ᠎ᠠ ᠶᠢᠨ ᠨᠢᠭᠤᠷ  ᠤᠨ ᠪᠤᠯᠴᠢᠩ ᠳᠡᠪᠡᠷᠡᠵᠦ᠂ ᠠᠮᠠ ᠨᠢ ᠡᠷᠡᠭᠦᠯ ᠲᠠᠯ᠎ᠠ ᠲᠠᠶᠢᠰᠢ ᠮᠣᠷᠤᠶᠢᠢᠵᠤ᠂  ᠡᠷᠡᠣ ᠶᠢᠨ ᠬᠡᠰᠡᠭ  ᠤᠨ ᠦᠷᠴᠢᠯᠡᠭᠡᠰᠦ ᠨᠢ ᠠᠷᠢᠯᠤᠨ᠂ ᠨᠢᠳᠦᠨ ᠠᠨᠢᠰᠬ᠎ᠠ ᠨᠢ ᠬᠠᠭᠠᠭᠳᠠᠬᠤ ᠪᠠᠨ ᠪᠤᠯᠢᠳᠠᠭ᠃ ᠡᠨᠡ ᠨᠢ ᠵᠢᠩᠭᠢᠨᠡᠭᠰᠡᠨ ᠪᠤᠶᠤ ᠨᠢᠭᠤᠷ ᠤᠨ ᠮᠠᠳᠠᠷᠠᠯ ᠳᠤ ᠡᠪᠡᠳᠴᠢᠨ ᠤ ᠬᠤᠣᠷ ᠬᠠᠯᠳᠠᠪᠤᠷᠢᠯᠠᠭᠰᠠᠨ ᠠᠴᠠ ᠡᠭᠦᠰᠳᠡᠭ᠂ ᠬᠡᠷᠪᠡ ᠲᠤᠰ ᠡᠪᠡᠳᠴᠢᠨ ᠲᠤᠰᠪᠠᠯ ᠲᠠ ᠠᠶᠤᠵᠤ ᠰᠣᠴᠢᠬᠤ ᠬᠡᠷᠡᠭ ᠦᠭᠡᠢ᠂ ᠡᠷᠲᠡᠬᠡᠨ ᠡᠮᠨᠡᠯᠭᠡ ᠳᠤ ᠬᠦᠷᠴᠦ ᠦᠵᠡᠭᠦᠯᠪᠡᠯ ᠵᠣᠬᠢᠨ᠎ᠠ᠃
ᠢᠷᠡᠯᠲᠡ᠄ ︽ᠥᠪᠥᠷ ᠮᠣᠩᠭᠤᠯ ᠤᠨ ᠡᠳᠦᠷ ᠤᠨ ᠰᠣᠨᠢᠨ︾