ᠬᠤᠨᠢᠨ ᠤ ᠬᠤᠣᠷᠳᠠᠭᠳᠠᠬᠤ ᠠᠴᠠ ᠰᠡᠷᠬᠡᠶᠢᠯᠡᠬᠦ ᠠᠷᠭ᠎ᠠ
ᠨᠡᠶᠢᠲᠡᠯᠡᠭᠰᠡᠨ ᠴᠠᠭ᠄
2023/5/17
    ᠲᠡᠵᠢᠭᠡᠨ ᠦᠷᠡᠵᠢᠭᠦᠯᠭᠦ ᠡᠷᠦᠭᠡ ᠬᠤᠨᠢ ᠲᠡᠵᠢᠭᠡᠨ ᠦᠷᠡᠵᠢᠭᠦᠯᠬᠦ ᠶᠠᠪᠤᠴᠠ ᠳᠤ ᠲᠡᠵᠢᠭᠡᠭᠰᠡᠨ ᠨᠢ ᠵᠣᠬᠢᠰ ᠦᠭᠡᠢ ᠡᠴᠡ‌‍ᠪᠣᠯᠵᠤ ᠬᠤᠣᠷᠲᠠᠭᠳᠠᠬᠤ ᠠᠴᠠ ᠰᠡᠷᠭᠡᠶᠢᠯᠡᠪᠡᠯ ᠵᠣᠬᠢᠨ᠎ᠠ᠃    ᠠᠮᠤ ᠪᠤᠳᠠᠭᠠᠨ ᠤ ᠪᠣᠷᠳᠤᠭ᠎ᠠ ᠶᠢ ᠬᠡᠲᠦᠷᠡᠲᠡᠯ᠎ᠡ ᠢᠳᠡᠭᠰᠡᠨ ᠠᠴᠠ ᠪᠣᠯᠵᠤ ᠬᠤᠣᠷᠲᠠᠭᠳᠠᠬᠤ : ᠡᠭᠦᠨ ᠳᠤ 28 — 30 ᠭᠷᠡᠮ ᠨᠡᠭᠦᠷᠡᠰᠦ ᠬᠦᠴᠢᠯ ᠤᠨ ᠣᠰᠣᠲᠦᠷᠦᠭᠴᠢᠲᠤ ᠠᠮᠤᠨᠢ᠂ 10 ᠮᠢᠯᠢᠯᠢᠲᠷ  ᠰᠫᠢᠷᠲ ᠨᠢᠺᠲ᠋ᠦ᠋ᠯᠢᠨ᠂ 5 ᠥᠷᠢᠯ  ᠪᠦᠷᠢᠨᠽᠦᠯᠢᠳᠣᠨ ᠢ ᠡᠳᠦᠷ ᠪᠦᠷᠢ 2ᠤᠳᠠᠭ᠎ᠠ ᠴᠢᠳᠬᠤᠵᠤ ᠤᠤᠭᠤᠯᠭᠠᠨ᠎ᠠ᠃ᠬᠤᠣᠷᠲᠤ ᠴᠤᠭᠤᠷ ᠲᠤ ᠬᠤᠣᠷᠳᠠᠭᠳᠠᠬᠤ : ᠬᠤᠨᠢ ᠬᠤᠷᠲᠤ ᠴᠤᠭᠤᠷ ᠢ ᠠᠳᠡᠭᠦᠷᠡᠨ ᠢᠳᠡᠰᠢᠯᠡᠭᠰᠡᠨ ᠤ ᠰᠡᠭᠦᠯᠡᠷ ᠬᠥᠳᠡᠯᠬᠦ ᠳᠤ ᠪᠡᠷᠬᠡ᠂  ᠬᠦᠵᠡᠭᠡ ᠬᠥᠭᠡᠭᠡᠬᠦ᠂ ᠠᠮᠠ ᠠᠴᠠ ᠨᠢ ᠴᠠᠭᠠᠨ ᠭᠦᠬᠡᠰᠦ ᠭᠠᠷᠬᠤ᠂ ᠪᠠᠭᠠᠰᠤ ᠠᠯᠳᠠᠬᠤ᠂ ᠪᠤᠯᠴᠢᠩ ᠵᠠᠭᠤᠷᠠᠬᠤ ᠵᠡᠷᠭᠡ ᠰᠢᠨᠵᠢ ᠲᠡᠮᠳᠡᠭ ᠢᠯᠡᠷᠡᠬᠦ ᠪᠥᠭᠡᠳ ᠪᠠᠰᠠ ᠤᠨᠠᠳᠠᠭ ᠭᠡᠮ ᠲᠠᠢ ᠪᠣᠯᠣᠨ᠎ᠠ᠃ ᠡᠭᠦᠨ ᠳᠤ ᠄ 5 ᠭᠷᠡᠮ ᠲᠡᠨᠢᠨ ᠬᠦᠴᠢᠯ ᠪᠤᠶᠤ 200 ᠮᠢᠯᠢᠯᠢᠲᠷ ᠢᠳᠡᠰᠢᠨ ᠼᠣᠦ ᠤᠭᠤᠯᠭᠠᠪᠠᠯ ᠳᠠᠷᠤᠢ ᠬᠥᠩᠭᠡᠷᠡᠬᠦ ᠪᠣᠯᠣᠨ᠎ᠠ᠃    ᠲᠠᠯᠠᠨ ᠲᠦᠷᠦᠭᠦᠦ ᠳᠤ ᠬᠤᠣᠷᠲᠠᠭᠳᠠᠬᠤ : ᠬᠤᠨᠢ ᠲᠠᠯᠠᠨ ᠲᠦᠷᠦᠭᠦᠦ ᠠᠳᠡᠭᠦᠷᠡᠨ ᠢᠳᠡᠪᠡᠯ ᠭᠡᠳᠡᠰᠦ ᠡᠪᠡᠳᠬᠦ᠂ ᠦᠰᠦᠷᠴᠦ ᠬᠠᠷᠠᠶᠢᠬᠤ᠂ ᠪᠥᠭᠡᠯᠵᠢᠬᠦ ᠵᠡᠷᠭᠡ ᠨᠢᠯᠡᠷᠡᠯ ᠲᠠᠢ ᠪᠣᠯᠳᠠᠭ᠂ ᠡᠭᠦᠨ ᠢ ᠵᠠᠰᠠᠬᠤ ᠣᠨᠴᠠ ᠲᠤᠰᠠ ᠲᠠᠢ ᠡᠮ ᠭᠡᠵᠦ ᠪᠠᠶᠢᠬᠤ ᠦᠭᠡᠢ᠂ ᠵᠣᠬᠢᠬᠤ ᠬᠡᠮᠵᠢᠶᠡᠨ ᠤ ᠢᠳᠡᠰᠢᠨ ᠼᠤᠤ ᠤᠤᠭᠤᠯᠭᠠᠵᠤ ᠬᠤᠣᠷ ᠢ ᠳᠡᠶᠢᠯᠤᠨ᠎ᠠ᠃    ᠰᠢᠭᠡᠰᠦᠯᠢᠭ ᠡᠳ᠋ ᠲᠤ ᠬᠤᠣᠷᠲᠠᠭᠳᠠᠬᠤ : ᠬᠤᠨᠢ ᠰᠢᠭᠡᠰᠦᠯᠢᠭ ᠡᠳ᠋ ᠲᠤ ᠬᠤᠣᠷᠳᠠᠭᠳᠠᠪᠠᠯ ᠴᠤᠭ ᠰᠦᠯᠲᠡ ᠦᠭᠡᠢ ᠪᠤᠯᠬᠤ᠂ ᠪᠤᠯᠴᠢᠩ ᠨᠢ ᠴᠡᠴᠡᠷᠡᠬᠦ᠂ ᠭᠦᠳᠡᠯᠭᠦ ᠳᠤ ᠪᠡᠷᠬᠡ ᠪᠤᠯᠬᠤ᠂ ᠬᠡᠪᠲᠡᠭᠡᠳ ᠮᠠᠶᠢᠯᠠᠬᠤ᠂ ᠭᠡᠳᠡᠰᠦ ᠬᠥᠭᠡᠭᠡᠭᠦ ᠵᠡᠷᠭᠡ ᠢᠯᠠᠷᠠᠯ ᠲᠠᠢ ᠪᠤᠯᠳᠠᠭ᠃ ᠰᠢᠭᠡᠰᠦᠯᠢᠭ ᠡᠳ᠋ ᠲᠤ ᠬᠤᠣᠷᠳᠠᠭᠳᠠᠭᠰᠠᠨ ᠢ  ᠣᠯᠵᠤ ᠮᠡᠳᠡᠪᠡᠯ ᠤᠷᠢᠳᠠᠪᠠᠷ 200~ 300 ᠮᠢᠯᠢᠯᠧᠮᠷ ᠤᠨ ᠢᠳᠡᠰᠢᠨ ᠼᠤᠤ ᠴᠢᠳᠬᠠᠳ ᠤᠤᠭᠤᠯᠭᠠᠵᠤ᠂ ᠬᠥᠬᠦᠷ ᠬᠦᠴᠢᠯ ᠤᠨ ᠨᠠᠲᠷᠢ᠂ ᠬᠦᠬᠦᠷ ᠬᠦᠴᠢᠯ ᠤᠨ ᠮᠠᠭᠨᠢ ᠪᠤᠶᠤ ᠤᠷᠭᠤᠮᠠᠯ ᠤᠨ ᠲᠣᠰᠣ ᠵᠡᠷᠭᠡ ᠳᠤᠭᠤᠯᠭᠠᠬᠤ ᠡᠳ᠋ ᠢ ᠤᠤᠭᠤᠯᠭᠠᠨ᠎ᠠ᠂ ᠬᠥᠭᠡᠭᠡᠭᠰᠡᠨ ᠨᠢ ᠬᠦᠨᠳᠦ ᠪᠣᠯ  ᠬᠦᠵᠡᠭᠡ ᠶᠢ  ᠵᠡᠬᠦᠯᠡᠵᠦ ᠰᠣᠷᠣᠬᠤ ᠵᠠᠰᠠᠯ ᠬᠢᠵᠦ ᠪᠣᠯᠣᠨ᠎ᠠ᠃ ᠬᠡᠷᠪᠡ ᠲᠤᠰᠠ ᠭᠠᠷᠤᠭᠰᠠᠨ ᠦᠭᠡᠢ ᠢᠳᠡᠰᠢᠨ ᠼᠤᠤ ᠴᠢᠳᠬᠤᠵᠤ  ᠣᠭᠤᠣᠯᠭᠠᠬᠤ ᠬᠡᠮᠵᠢᠶ᠎ᠡ ᠶᠢ ᠨᠡᠮᠡᠭᠳᠡᠭᠦᠯᠵᠦ᠂ ᠬᠤᠳᠣᠭᠤᠳᠤᠨ ᠤ ᠬᠡᠢ ᠶᠢ ᠢᠳᠡᠭ ᠢᠳᠡᠭ ᠢᠶᠠᠷ ᠭᠠᠷᠭᠠᠨ᠎ᠠ᠃     ᠬᠤᠭᠤᠯᠠᠨ ᠤ ᠳᠠᠪᠤᠰᠤᠨ ᠳᠤ ᠬᠤᠣᠷᠳᠠᠭᠳᠠᠬᠤ : ᠭᠤᠣᠯ ᠢᠯᠡᠷᠡᠯ ᠨᠢ ᠤᠮᠳᠠᠭᠠᠰᠬᠤ ᠪᠣᠯᠣᠨ᠎ᠠ᠃ ᠲᠦᠷᠭᠡᠨ ᠴᠢᠨᠠᠷᠲᠠᠢ ᠬᠤᠣᠷᠳᠠᠭᠳᠠᠭᠰᠠᠨ ᠬᠤᠨᠢ ᠶᠢᠨ ᠠᠮᠠᠨ  ᠠᠴᠠ ᠶᠡᠭᠡ ᠬᠡᠮᠵᠢᠶᠡᠨ ᠤ ᠭᠥᠭᠡᠰᠦ ᠭᠠᠷᠴᠤ᠂ ᠬᠥᠭᠡᠷᠴᠦ ᠲᠣᠭᠲᠠᠪᠤᠷᠢ ᠦᠭᠡᠢ ᠪᠤᠯᠬᠤ᠂ ᠰᠢᠳᠦ ᠪᠠᠨ ᠬᠠᠪᠢᠷᠬᠤ᠂ ᠪᠤᠯᠵᠢᠩ ᠴᠡᠴᠡᠷᠡᠬᠦ ᠵᠡᠷᠭᠡ ᠢᠯᠡᠷᠠᠯ ᠲᠠᠢ ᠪᠣᠯᠳᠠᠭ ᠃ ᠡᠭᠦᠨ ᠳᠤ ᠴᠠᠭ ᠲᠤᠬᠠᠢ ᠳᠤᠨᠢ ᠠᠷᠪᠢᠨ ᠤᠰᠤ ᠣᠭᠤᠯᠭᠠᠬᠤ ᠪᠥᠭᠡᠳ ᠳᠤᠰᠤᠯᠢᠭ ᠴᠢᠨᠠᠷᠲᠠᠢ ᠳᠤᠭᠤᠯᠭᠠᠬᠤ ᠡᠮ ᠴᠢᠳᠬᠤᠨ ᠤᠤᠭᠤᠯᠭᠠᠵᠤ᠂ 10 % ᠶᠢᠨ ᠡᠾᠯᠥᠷᠲᠤ ᠺᠠᠯᠽᠢ ᠪᠤᠶᠤ 10 % ᠶᠢᠨ ᠦᠵᠦᠮ ᠤᠨ ᠰᠢᠬᠢᠷ ᠤᠨ ᠬᠦᠴᠢᠯ ᠤᠨ ᠺᠠᠯᠽᠢ ᠢ ᠨᠠᠮᠵᠢᠭᠤᠨ ᠰᠤᠳᠠᠯ ᠳᠤ ᠨᠢ ᠲᠠᠷᠢᠨ᠎ᠠ᠃ ᠡᠭᠦᠨ ᠠᠴᠠ ᠭᠠᠳᠠᠨ᠎ᠠ᠂ ᠠᠷᠠᠰᠤᠨ ᠲᠣᠣᠷ᠎ᠠ ᠪᠣᠶᠣ ᠪᠣᠯᠴᠢᠩ ᠳᠤ  ᠸᠢᠲ᠋ᠠᠮᠢᠨB ᠶᠢ ᠲᠠᠷᠢᠬᠤ ᠪᠦᠬᠡᠳ ᠰᠢᠩᠭᠡᠨ ᠨᠦᠬᠦᠪᠦᠷᠢᠯᠡᠨ᠎ᠡ ᠃
ᠢᠷᠡᠯᠲᠡ᠄ ᠪᠠᠶᠠᠨᠨᠠᠭᠤᠷ ᠤᠨ ᠰᠣᠨᠢᠨ