ᠪᠣᠭ ᠮᠠᠯ ᠬᠤᠤᠷᠲᠤ ᠡᠪᠡᠰᠦᠨ ᠳᠤ ᠬᠤᠤᠷᠳᠠᠪᠠᠯ ᠶᠠᠭᠠᠬᠢᠬᠤ ᠪᠤᠢ
ᠨᠡᠶᠢᠲᠡᠯᠡᠭᠰᠡᠨ ᠴᠠᠭ᠄
2023/4/26
    ᠬᠤᠨᠢ ᠢᠮᠠᠭ᠎ᠠ ᠭᠤᠤᠯ ᠤᠨ ᠬᠤᠤᠷ᠂ ᠭᠤᠯᠭᠤᠢ ᠬᠤᠸᠠᠷ᠂ ᠳᠠᠯᠠᠨ ᠲᠦᠷᠦᠭᠦᠦ ᠵᠡᠷᠭᠡ ᠬᠤᠤᠷᠲᠠᠢ ᠡᠪᠡᠰᠦ ᠠᠳᠡᠭᠦᠷᠡᠵᠦ ᠢᠳᠡᠭᠡᠳ ᠠᠮᠠᠷᠬᠠᠨ ᠬᠤᠤᠷᠳᠠᠳᠠᠭ᠃     ᠬᠤᠤᠷᠳᠠᠭᠰᠠᠨ ᠤ ᠳᠠᠷᠠᠭ᠎ᠠ ᠲᠤᠯᠤᠭᠠᠢ ᠤᠨᠵᠢᠢᠯᠭᠠᠬᠤ᠂ ᠰᠢᠳᠦ ᠬᠠᠪᠢᠷᠠᠬᠤ᠂ ᠲᠤᠯᠤᠭᠠᠢ ᠳᠠᠮᠠᠷᠣᠳᠠᠵᠤ ᠡᠷᠭᠢᠯᠳᠦᠬᠦ᠂ ᠠᠮᠠᠨ ᠠᠴᠠ ᠨᠢ ᠴᠢᠰᠤ ᠲᠠᠢ ᠬᠦᠭᠡᠰᠦ‌‍ᠴᠤᠪᠤᠷᠠᠬᠤ᠂ ᠰᠠᠯᠢᠰᠤᠲᠤ ᠪᠦᠷᠬᠦᠪᠴᠢ ᠨᠢ ᠴᠢᠰᠤ ᠬᠠᠷᠪᠤᠬᠤ᠂ ᠠᠮᠢᠰᠬᠤᠯ ᠨᠢ ᠲᠦᠷᠭᠡᠰᠬᠦ᠂ ᠴᠡᠴᠡᠬᠡᠢ ᠪᠣᠯᠣᠨ ᠪᠣᠯᠴᠢᠩ ᠮᠢᠬ᠎ᠠ ᠨᠢ ᠮᠢᠨᠴᠦᠷᠡᠵᠦ ᠵᠣᠭᠰᠤᠵᠤ‌‍ᠴᠢᠳᠠᠬᠤ ᠦᠭᠡᠢ ᠵᠡᠷᠭᠡ ᠰᠢᠨᠵᠢ ᠲᠡᠮᠳᠡᠭ ᠢᠯᠡᠷᠡᠬᠦ ᠪᠣᠶᠣ ᠬᠡᠪᠲᠡᠭᠡ ᠪᠠᠷ ᠢᠶᠠᠨ ᠦᠬᠦᠳᠡᠭ᠃     ᠵᠠᠰᠠᠬᠤ ᠠᠷᠭ᠎ᠠ᠄   1.ᠬᠦᠩᠭᠡᠨ ᠬᠤᠤᠷᠳᠠᠭᠰᠠᠨ ᠳᠤᠨᠢ ᠳᠠᠪᠤᠰᠤᠲᠠᠢ ᠤᠰᠤ ᠣᠣᠭᠤᠯᠭᠠᠬᠤ ᠪᠣᠶᠣ ᠨᠤᠭᠤᠭᠠᠨ ᠪᠤᠷᠴᠠᠭ ᠤᠨ ᠰᠦᠮᠦᠰᠦ ᠴᠢᠳᠬᠤᠵᠤ ᠦᠭᠭᠦᠨ᠎ᠡ᠃ ᠲᠡᠷᠡᠴᠢᠯᠡᠨ‌ᠦᠨᠳᠡᠭᠡᠨ ᠴᠠᠭᠠᠨ ᠪᠣᠶᠣ ᠰᠢᠬᠢᠷ ᠡᠪᠡᠰᠦᠨ ᠤ ᠰᠢᠭᠦᠰᠦ ᠶᠢ ᠦᠭᠪᠡᠯ ᠮᠦᠨ ᠬᠤᠤᠷ ᠲᠠᠶᠢᠯᠵᠣ ᠪᠣᠯᠣᠨ᠎ᠠ᠃        2.0.1% ᠶᠢᠨ ᠳᠡᠭᠡᠳᠦ ᠮᠠᠩᠭᠠᠨ ᠬᠦᠴᠢᠯ ᠤᠨ ᠺᠠᠯᠢ  ᠶᠢᠨ ᠠᠭᠤᠰᠤᠮᠠᠯ ᠢᠶᠠᠷ ᠬᠤᠳᠤᠭᠤᠳᠤ ᠶᠢ ᠨᠢ ᠤᠬᠢᠶᠠᠨ᠎ᠠ᠃     3. ᠬᠦᠨᠳᠦ ᠬᠤᠤᠷᠳᠠᠭᠰᠠᠨ ᠪᠣᠯ 5ml 10% ᠶᠢᠨ ᠦᠵᠦᠮ ᠤᠨ ᠰᠢᠬᠢᠷ ᠤᠨ ᠬᠦᠴᠢᠯ ᠤᠨ ᠺᠠᠯᠢ ᠶᠢ ᠨᠠᠮᠵᠢᠭᠤᠨ ᠰᠤᠳᠠᠯ ᠳᠤᠨᠢ ᠲᠠᠷᠢᠨ᠎ᠠ᠃             ︵ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃ ︶
ᠢᠷᠡᠯᠲᠡ᠄ ᠣᠷᠳᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ