【 ᠲᠡᠦᠬᠡ ᠰᠤᠶᠤᠯ】ᠤᠷᠠᠳ ᠠᠶᠢᠮᠠᠭ ᠤᠨ ᠲᠤᠬᠠᠢ ᠲᠣᠪᠴᠢ  ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2023/4/24
      ᠮᠣᠩᠭᠤᠯ ᠶᠡᠭᠡ ᠬᠠᠭᠠᠨᠲᠤ ᠤᠯᠤᠰ ᠤᠨ ᠡᠬᠢᠨ ᠤ ᠦᠶᠡᠰ ᠢᠶᠠᠷ ᠬᠠᠪᠤᠲᠤ ᠬᠠᠰᠠᠷ ᠲᠤ ᠬᠤᠪᠢᠯᠠᠭᠳᠠᠵᠤ ᠬᠠᠷᠢᠶᠠᠯᠠᠭᠳᠠᠭᠰᠠᠨ ᠤᠷᠠᠳ ᠠᠶᠢᠮᠠᠭ  ᠪᠠᠷ 16 ᠳ᠋ᠤᠭᠠᠷ ᠵᠠᠭᠤᠨ ᠤ ᠦᠶ᠎ᠡ ᠬᠦᠷᠴᠦ ᠢᠷᠡᠬᠦ ᠳᠤ ᠲᠦᠮᠢ ᠵᠠᠶᠠᠭᠠᠭᠴᠢ ᠭᠡᠮᠡᠭᠦ ᠨᠣᠶᠠᠨ ᠤ ᠵᠠᠬᠢᠷᠤᠯ ᠳᠣᠣᠷ᠎ᠠ ᠪᠠᠶᠢᠪᠠᠢ᠃ ᠳᠠᠷᠠᠭ᠎ᠠ ᠨᠢ ᠲᠦᠮᠢ ᠵᠠᠶᠠᠭᠠᠴᠢ ᠶᠢᠨ ᠭᠦᠪᠡᠭᠦᠨ ᠪᠤᠷᠬᠠᠢ ᠨᠣᠶᠠᠨ ᠤᠷᠠᠳ ᠠᠶᠢᠮᠠᠭ ᠢ ᠮᠡᠳᠡᠵᠦ ᠪᠠᠶᠢᠭᠰᠠᠨ ᠪᠠ ᠲᠡᠷᠡ ᠲᠤᠬᠠᠢ ᠳᠤ ᠬᠥᠯᠥᠨ ᠪᠤᠶᠢᠷ ᠬᠤᠶᠠᠷ ᠨᠠᠭᠤᠷ ᠤᠨ ᠬᠤᠶᠢᠲᠤ ᠵᠠᠬ᠎ᠠ᠂ ᠤᠨᠤᠨ ᠮᠥᠷᠡᠨ᠂ ᠲᠤᠣᠯᠠ ᠭᠤᠣᠯ ᠤᠨ  ᠬᠠᠪᠢ ᠪᠠᠷ ᠨᠤᠲᠤᠭᠰᠢᠵᠤ ᠪᠠᠶᠢᠭᠰᠠᠨ ᠪᠦᠯᠥᠭᠡ᠃     17 ᠳ᠋ᠤᠭᠠᠷ ᠵᠠᠭᠤᠨ ᠤ ᠡᠬᠢᠨ ᠤ ᠦᠶ᠎ᠡ ᠳᠤ ᠪᠤᠷᠬᠠᠢ ᠨᠣᠶᠠᠨ ᠤ ᠠᠬᠠᠮᠠᠳ ᠭᠦᠪᠡᠭᠦᠨ  ᠯᠠᠶᠢᠬ᠎ᠠ ᠶᠢᠨ ᠠᠴᠢ ᠪᠤᠯᠬᠤ ᠲᠦᠮᠡᠨ ᠲᠠᠷᠬᠠᠨ ᠳᠠᠶᠢᠵᠢ ᠣᠮᠪᠤ᠂ ᠪᠤᠷᠬᠠᠢ ᠶᠢᠨ ᠣᠣᠳᠬᠤᠨ ᠭᠦᠪᠡᠭᠦᠨ ᠪᠠᠷᠰᠠᠢ ᠶᠢᠨ ᠳᠡᠳ᠋ ᠭᠦᠪᠡᠭᠦᠨ ᠬᠠᠨᠢᠰ ᠴᠢᠩ ᠲᠠᠶᠢᠵᠢ ᠶᠢᠨ ᠠᠴᠢ ᠢᠯᠳᠤᠨ ᠬᠤᠰᠢᠭᠤᠴᠢ ᠰᠠᠷᠠᠩ᠂ ᠮᠥᠨ ᠪᠠᠷᠰᠠᠢ ᠶᠢᠨ ᠲᠠᠪᠤᠳᠤᠭᠠᠷ ᠭᠦᠪᠡᠭᠦᠨ ᠬᠠᠨᠢᠲᠠᠢ ᠪᠢᠩᠲᠦ ᠳᠠᠶᠢᠵᠢ ᠶᠢᠨ ᠭᠦᠪᠡᠭᠦᠨ ᠲᠣᠪᠠ ᠡᠷᠬᠡ ᠲᠠᠶᠢᠵᠢ ᠨᠠᠷ ᠤᠷᠠᠳ ᠠᠶᠢᠮᠠᠭ ᠢ ᠭᠠᠵᠠᠷ ᠵᠦᠢ ᠶᠢᠨ ᠰᠠᠭᠤᠷᠢᠰᠢᠯ ᠢᠶᠠᠷ ᠨᠢ ᠡᠮᠦᠨ᠎ᠡ᠂ ᠳᠤᠮᠳᠠᠳᠤ᠂ ᠬᠤᠶᠢᠲᠤ ᠭᠡᠵᠦ ᠭᠤᠷᠪᠠᠨ ᠰᠠᠯᠠᠭ᠎ᠠ ᠪᠣᠯᠭᠠᠨ ᠬᠡᠰᠡᠭᠯᠡᠵᠦ ᠰᠠᠯᠭᠠᠭᠠᠳ ᠲᠤᠰ ᠲᠤᠰ ᠡᠵᠡᠮᠲᠡᠨ ᠵᠠᠬᠢᠷᠴᠤ ᠪᠠᠶᠢᠵᠠᠢ᠃ 1633 ᠣᠨ ᠤ ᠡᠪᠦᠯ  ᠤᠨ ᠰᠡᠭᠦᠯ ᠰᠠᠷ᠎ᠠ ᠠᠴᠠ 1634 ᠣᠨ ᠤ ᠴᠠᠭᠠᠨ ᠰᠠᠷᠠᠶᠢᠨ ᠬᠤᠭᠤᠷᠣᠨᠳᠤ  ᠯᠠᠶᠢᠭ᠎ᠠ᠂ ᠣᠮᠪᠤ᠂ ᠰᠠᠷᠠᠩ ᠢᠶᠠᠷ ᠤᠷᠠᠳ ᠠᠶᠢᠮᠠᠭ ᠢ ᠳᠠᠭᠠᠭᠤᠯᠵᠤ ᠬᠦᠪᠲᠦ᠂ ᠨᠠᠢᠮᠠᠨᠴᠠᠭᠠᠨ ᠭᠡᠬᠦ ᠨᠤᠲᠤᠭ ᠠᠴᠠ ᠪᠠᠨ ᠡᠮᠦᠨᠡᠰᠢᠯᠡᠵᠦ ᠮᠥᠭᠳᠡᠨ ᠬᠤᠲᠠᠨ᠎ᠠ ᠢᠷᠡᠵᠦ ᠮᠠᠵᠤ ᠴᠢᠩ ᠤᠯᠤᠰ ᠲᠤ ᠣᠷᠣᠵᠤ ᠥᠭᠪᠡ᠃ 1634 — 1648 ᠣᠨ  ᠤ ᠬᠤᠭᠤᠷᠣᠨᠳᠤ ᠤᠷᠠᠳᠴᠤᠳ ᠮᠠᠨᠵᠤ ᠶᠢᠨ ᠬᠠᠭᠠᠨ ᠤ ᠵᠠᠷᠯᠢᠭ ᠢᠶᠠᠷ ᠬᠢᠳᠡᠳ ᠤᠨ ᠮᠢᠩ ᠤᠯᠤᠰ ᠤᠨ ᠵᠡᠭᠦᠨ ᠬᠤᠶᠢᠲᠤ ᠬᠢᠵᠠᠭᠠᠷ᠂ ᠰᠣᠯᠤᠩᠭᠤᠰ᠂  ᠬᠠᠯᠬ᠎ᠠ᠂ ᠰᠥᠨᠢᠳ ᠵᠡᠷᠭᠡ ᠤᠯᠤᠰ ᠠᠶᠢᠮᠠᠭ ᠤᠨ ᠡᠰᠡᠷᠭᠦ ᠣᠯᠠᠨᠲᠠ ᠴᠡᠷᠢᠭᠯᠡᠵᠦ ᠴᠢᠰᠤᠨ ᠭᠠᠪᠢᠶ᠎ᠠ ᠪᠠᠶᠢᠭᠤᠯᠪᠠ᠃ 1648 ᠣᠨ ᠤ ᠡᠪᠦᠯ ᠤᠨ ᠰᠡᠭᠦᠯ ᠰᠠᠷ᠎ᠠ ᠳᠤ ᠬᠤᠰᠢᠭᠤ ᠪᠠᠶᠢᠭᠤᠯᠬᠤ ᠦᠶᠡᠰ ᠲᠤ ᠤᠷᠠᠳ ᠤᠨ ᠭᠤᠷᠪᠠᠨ ᠰᠠᠯᠠᠭ᠎ᠠ ᠶᠢ ᠭᠤᠷᠪᠠᠨ ᠬᠤᠰᠢᠭᠤ ᠪᠤᠯᠭᠠᠵᠤ᠂ ᠣᠮᠪᠤ ᠶᠢᠨ ᠭᠦᠪᠡᠭᠦᠨ ᠥᠪᠡᠨ ᠢ ᠤᠯᠤᠰ ᠤᠨ ᠲᠦᠰᠢᠶ᠎ᠡ ᠬᠥᠩ᠂ ᠲᠣᠪᠠ ᠶᠢ ᠤᠯᠤᠰ ᠤᠨ ᠲᠦᠰᠢᠶ᠎ᠡ ᠬᠥᠭ᠂ ᠲᠤᠪᠠ ᠶᠢᠨ ᠦᠶᠡᠯᠢᠳ ᠠᠴᠢ ᠪᠠᠭᠪᠠᠭ᠋ᠠᠢ ᠶᠢ ᠤᠯᠤᠰ ᠲᠤᠷ ᠲᠤᠰᠠᠯᠠᠭᠴᠢ  ᠭᠥᠩ ᠭᠡᠮᠡᠨ ᠡᠷᠭᠦᠮᠵᠢᠯᠡᠨ ᠲᠤᠰ ᠲᠤᠰ ᠵᠠᠰᠠᠭ ᠪᠣᠯᠭᠠᠭᠠᠳ ᠤᠷᠠᠳ ᠤᠨ ᠡᠮᠦᠨᠡᠲᠦ᠂ ᠬᠤᠶᠢᠲᠤ᠂ ᠳᠤᠮᠳᠠᠳᠤ ᠭᠤᠷᠪᠠᠨ ᠬᠤᠰᠢᠭᠤ ᠶᠢ ᠵᠠᠬᠢᠷᠤᠭᠤᠯᠪᠠ᠃     ᠮᠥᠨ ᠲᠡᠨᠳᠡ ᠠᠴᠠ ᠵᠠᠷᠯᠢᠭ ᠬᠦᠯᠢᠶᠡᠵᠦ ᠬᠠᠯᠬ᠎ᠠ ᠪᠠ ᠥᠭᠡᠯᠡᠳ ᠠᠶᠢᠮᠠᠭ ᠢ ᠰᠡᠷᠭᠡᠶᠢᠯᠡᠬᠦ ᠪᠠᠷ ᠪᠠᠷᠠᠭᠤᠨᠰᠢ ᠮᠣᠷᠳᠠᠨ ᠭᠠᠷᠴᠦ1649 ᠣᠨ ᠤ ᠡᠪᠦᠯ᠂ 1650 ᠣᠨ ᠤ ᠡᠬᠢ ᠪᠠᠷ ᠤᠷᠠᠳᠴᠤᠳ ᠮᠣᠨ᠋ᠨ ᠠᠭᠤᠯᠠ ᠶᠢᠨ ᠠᠷᠤ ᠥᠪᠥᠷ᠂ ᠬᠠᠩᠬ᠎ᠠ ᠭᠤᠪᠢ ᠪᠠᠷ ᠢᠷᠡᠭᠡᠳ ᠭᠤᠣᠯᠳᠠᠭᠤ ᠮᠤᠨᠠ ᠶᠢᠨ ᠬᠤᠰᠢᠭᠤ᠂ ᠬᠠᠳᠠᠮᠠᠯ᠂ ᠬᠥᠨᠳᠡᠯᠡᠨ ᠵᠡᠷᠭᠡ ᠭᠤᠷᠪᠠᠨ ᠰᠦᠪᠡ ᠶᠢ ᠰᠠᠬᠢᠵᠤ ᠨᠤᠲᠤᠭᠯᠠᠪᠠ᠃ 1753 ᠣᠨ ᠳᠤ ᠴᠢᠭᠤᠯᠭᠠᠨ ᠪᠠᠶᠢᠭᠤᠯᠬᠤ ᠦᠶᠡᠰ ᠲᠤ ᠪᠠᠷᠠᠭᠤᠨ ᠲᠠᠯ᠎ᠠ ᠶᠢᠨ  ᠮᠤᠨᠠ ᠶᠢᠨ ᠬᠤᠰᠢᠭᠤ ᠶᠢ ᠰᠠᠬᠢᠭᠰᠠᠨ ᠡᠮᠦᠨᠡᠲᠦ ᠬᠤᠰᠢᠭᠤ ᠶᠢ ᠤᠷᠠᠳ ᠤᠨ ᠪᠠᠷᠠᠭᠤᠨ ᠬᠥᠩ ᠤᠨ ᠬᠤᠰᠢᠭᠤ᠂ ᠬᠠᠳᠠᠮᠠᠯ ᠤᠨ ᠠᠮᠠ ᠶᠢ ᠰᠠᠬᠢᠭᠰᠠᠨ ᠳᠤᠮᠳᠠᠳᠤ ᠬᠤᠰᠢᠭᠤ ᠶᠢ ᠤᠷᠠᠳ ᠤᠨ ᠳᠤᠮᠳᠠᠳᠤ ᠭᠦᠩ ᠤᠨ ᠬᠤᠰᠢᠭᠤ᠂ ᠬᠥᠨᠳᠡᠯᠡᠨ ᠶᠢ ᠰᠠᠭᠢᠭᠰᠠᠨ ᠬᠤᠶᠢᠲᠤ ᠬᠤᠰᠢᠭᠤ ᠶᠢ ᠤᠷᠠᠳ ᠤᠨ ᠵᠡᠭᠦᠨ ᠬᠥᠩ ᠤᠨ ᠬᠤᠰᠢᠭᠤ ᠬᠡᠮᠡᠨ ᠨᠡᠷᠡᠯᠡᠨ ᠵᠢᠭᠠᠵᠤ᠂ ᠮᠣᠤᠮᠢᠩᠭᠠᠨ᠂ ᠳᠥᠷᠪᠡᠨ ᠬᠡᠦᠬᠡᠳ ᠤᠨ ᠬᠤᠰᠢᠭᠤ ᠪᠣᠯᠣᠨ ᠬᠠᠯᠬ᠎ᠠ ᠪᠠᠷᠠᠭᠤᠨ ᠭᠠᠷᠤᠨ ᠬᠤᠰᠢᠭᠤ ᠲᠠᠢ ᠬᠠᠮᠲᠤ ᠨᠢᠭᠡᠨ ᠴᠢᠭᠤᠯᠭᠠᠨ ᠪᠤᠯᠭᠠᠵᠤ ᠤᠯᠠᠭᠠᠨᠴᠠᠪ ᠭᠡᠮᠡᠨ ᠨᠡᠷᠡᠶᠢᠳᠪᠡ᠃ ᠭᠤᠷᠪᠠᠨ ᠵᠠᠭᠤ ᠭᠠᠷᠤᠢ ᠵᠢᠯ ᠤᠨ ᠬᠤᠭᠤᠷᠣᠨᠳᠤ ᠤᠷᠠᠳ ᠤᠨ ᠭᠤᠷᠪᠠᠨ ᠬᠤᠰᠢᠭᠤᠨ ᠤ ᠮᠡᠯᠵᠢᠯ ᠤᠨ ᠭᠠᠵᠠᠷ ᠨᠢ ᠶᠠᠪᠤᠬᠤ ᠲᠤᠲᠤᠮ ᠥᠷᠭᠡᠵᠢᠵᠦ ᠳᠡᠯᠡᠭᠡᠳ ᠵᠡᠭᠦᠨᠰᠢ ᠲᠥᠮᠡᠳ᠂ ᠮᠣᠤᠮᠢᠩᠭᠠᠨ᠂ ᠬᠤᠶᠢᠰᠢ ᠬᠠᠯᠬ᠎ᠠ᠂ ᠡᠮᠦᠨᠡᠰᠢ ᠬᠠᠳᠤᠨ ᠭᠤᠣᠯ ᠤᠨ ᠬᠤᠶᠢᠲᠤ ᠡᠷᠭᠢ᠂ ᠪᠠᠷᠠᠭᠤᠰᠢ ᠠᠯᠠᠱᠠ ᠬᠦᠷᠬᠦ ᠡᠶᠢᠮᠦ ᠨᠢᠭᠡᠨ ᠪᠠᠷᠤᠭ ᠨᠠᠢᠮᠠ ᠢᠯᠡᠭᠦᠦ ᠲᠦᠮᠡᠨ ᠬᠠᠪᠲᠠᠭᠠᠢ ᠳᠥᠷᠪᠡᠯᠵᠢᠨ ᠭᠠᠵᠠᠷ ᠢ ᠡᠵᠡᠯᠡᠨ ᠪᠠᠶᠢᠵᠤᠬᠤᠢ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ