1᠂ ᠵᠣᠭᠤᠷᠢᠯᠠᠵᠤ ᠬᠠᠳᠠᠭᠠᠯᠠᠬᠤ ᠠᠷᠭ᠎ᠠ᠄ ᠭᠠᠵᠠᠷ ᠳᠣᠣᠷᠠᠬᠢ ᠤᠰᠤᠨ ᠲᠦᠪᠰᠢᠨ ᠳᠣᠣᠷ᠎ᠠ᠂ ᠤᠰᠤ ᠭᠠᠳᠠᠭᠰᠢᠯᠠᠭᠤᠯᠬᠤ ᠨᠦᠭᠦᠴᠡᠯ ᠨᠢ ᠰᠠᠶᠢᠨ᠂ ᠬᠥᠷᠥᠰᠥ | ᠰᠢᠷᠣᠢ ᠪᠥᠬᠡᠯᠢᠭ ᠭᠠᠵᠠᠷ ᠢ ᠰᠣᠩᠭᠤᠵᠤ ᠵᠣᠭᠤᠷᠢ ᠮᠠᠯᠲᠠᠬᠤ ᠬᠡᠷᠡᠭᠲᠡᠢ᠃ ᠭᠠ ᠶᠢᠨ ᠵᠣᠭᠤᠷᠢ ᠨᠢ ᠠᠮᠲᠠᠲᠤ ᠲᠥᠮᠥᠰᠥ ᠶᠢᠨ ᠵᠣᠭᠤᠷᠢ ᠲᠠᠢ ᠪᠦᠷᠢᠮᠦᠰᠦᠨ ᠠᠳᠠᠯᠢ | ᠪᠠᠶᠢᠳᠠᠭ᠃ ᠵᠣᠭᠤᠷᠢ ᠶᠢᠨ ᠶᠡᠭᠡ ᠪᠠᠭ᠎ᠠ ᠨᠢ 800kg-1000kg ᠲᠦᠭᠦᠬᠡᠶ ᠭᠠ ᠶᠢ ᠬᠠᠳᠠᠭᠠᠯᠠᠵᠤ ᠳᠡᠶᠢᠯᠪᠡᠯ ᠲᠣᠬᠢᠷᠠᠮᠵᠢᠲᠠᠢ᠃ ᠵᠣᠭᠤᠷᠢ ᠶᠢ ᠮᠠᠯᠲᠠᠵᠤ | ᠪᠠᠷᠠᠭᠰᠠᠨ ᠤ ᠳᠠᠷᠠᠭ᠎ᠠ᠂ ᠤᠷᠢᠳ ᠢᠶᠠᠷ ᠲᠤᠲᠤᠷᠭ᠎ᠠ ᠶᠢᠨ ᠰᠦᠷᠡᠯ ᠪᠤᠶᠤ ᠠᠭᠢ ᠡᠪᠡᠰᠦ ᠳᠡᠭᠡᠷ᠎ᠡ 50g ᠬᠦᠬᠦᠷ ᠨᠡᠮᠡᠵᠦ ᠵᠣᠭᠤᠷᠢ ᠶᠢ ᠨᠢᠭᠡ ᠤᠳᠠᠭ᠎ᠠ ᠤᠳᠤᠵᠤ᠂ | 2- 3 ᠡᠳᠦᠷ ᠪᠢᠲᠡᠭᠦᠮᠵᠢᠯᠡᠭᠰᠡᠨ ᠤ ᠳᠠᠷᠠᠭ᠎ᠠ ᠵᠣᠭᠤᠷᠢ ᠶᠢᠨ ᠠᠮᠠᠰᠠᠷ ᠢ ᠨᠡᠭᠡᠭᠡᠵᠦ᠂ ᠬᠡᠳᠦᠨ ᠡᠳᠦᠷ ᠤᠨ ᠳᠠᠷᠠᠭ᠎ᠠ ᠳᠠᠬᠢᠨ ᠬᠠᠳᠠᠭᠠᠯᠠᠬᠤ ᠴᠢᠬᠤᠯᠠᠲᠠᠶ ᠲᠦᠭᠦᠬᠡᠶ | ᠭᠠ ᠶᠢ ᠬᠢᠨ᠎ᠡ᠃ | 2᠂ ᠡᠯᠡᠰᠦᠨ ᠳᠤ ᠪᠤᠯᠠᠵᠤ ᠬᠠᠳᠠᠭᠠᠯᠠᠬᠤ ᠠᠷᠭ᠎ᠠ᠄ ᠭᠡᠷ ᠳᠤᠲᠤᠷᠠᠬᠢ ᠰᠠᠯᠬᠢ ᠵᠢᠪᠠᠷ ᠨᠡᠪᠲᠡᠷᠡᠬᠦ ᠬᠠᠭᠤᠷᠠᠶ᠂ ᠳᠤᠯᠠᠭᠠᠨ ᠤ ᠬᠡᠮᠵᠢᠶ᠎ᠡ ᠨᠡᠯᠢᠶᠡᠳ ᠥᠨᠳᠥᠷ | ᠭᠠᠵᠠᠷ ᠢ ᠰᠣᠩᠭᠤᠵᠤ᠂ ᠤᠷᠢᠳ ᠢᠶᠠᠷ ᠳᠣᠤᠷ᠎ᠠ ᠳᠠᠪᠬᠤᠷᠭ᠎ᠠ ᠳᠤ ᠨᠢ 10cm-12cm ᠵᠤᠵᠠᠭᠠᠨ ᠭᠤᠤᠯ ᠤᠨ ᠲᠠᠩ ᠤᠨ ᠡᠯᠡᠰᠦ ᠳᠡᠪᠢᠰᠴᠦ᠂ ᠳᠠᠷᠠᠭ᠎ᠠ ᠨᠢ | ᠨᠢᠭᠡ ᠳᠠᠪᠬᠤᠷ ᠲᠦᠭᠦᠬᠡᠶ ᠭᠠ ᠶᠢ ᠲᠠᠯᠪᠢᠨ᠎ᠠ᠃ ᠨᠢᠭᠡ ᠳᠠᠪᠬᠤᠷ ᠭᠤᠤᠯ ᠤᠨ ᠡᠯᠡᠰᠦ ᠨᠢᠭᠡ ᠳᠠᠪᠬᠤᠷ ᠲᠦᠭᠦᠬᠡᠶ ᠭᠠ ᠶᠢ ᠲᠠᠯᠪᠢᠵᠤ᠂ 5-6 ᠳᠠᠪᠬᠤᠷ | ᠪᠣᠯᠣᠭᠰᠠᠨ ᠤ ᠳᠠᠷᠠᠭ᠎ᠠ᠂ ᠳᠡᠭᠡᠷ᠎ᠡ ᠲᠠᠯ᠎ᠠ ᠪᠠ ᠡᠷᠭᠢᠨ ᠲᠣᠭᠤᠷᠢᠨ ᠳᠤᠨᠢ ᠬᠠᠭᠤᠷᠠᠶ ᠲᠤᠲᠤᠷᠭ᠎ᠠ ᠶᠢᠨ ᠰᠦᠷᠡᠯ ᠪᠤᠶᠤ ᠮᠠᠳᠠᠢ ᠪᠠᠷ ᠪᠦᠲᠡᠭᠡᠪᠡᠯ ᠪᠣᠯᠴᠢᠬᠠᠨ᠎ᠠ᠃ | |