ᠳᠠᠪᠤᠰᠤᠳᠠᠢ ᠤᠰᠦ ᠵᠠᠷᠢᠮ ᠬᠦᠮᠦᠨ ᠦᠷᠯᠦᠬᠡ ᠪᠤᠰᠤᠩᠭᠤᠳᠠ ᠲᠠᠪᠤᠰᠤᠳᠠᠢ ᠤᠰᠦ ᠤᠤᠭᠤᠪᠠᠯ ᠪᠡᠶᠡᠨ ᠳᠤ ᠰᠠᠶᠢᠨ ᠬᠡᠵᠦ ᠦᠵᠡᠬᠡᠳ ᠪᠤᠰᠤᠮᠠᠭᠴᠠ | ᠳᠠᠪᠤᠰᠤᠳᠠᠢ ᠤᠰᠦ ᠤᠤᠭᠤᠳᠠᠭ᠂ ᠦᠨᠡᠨ ᠳᠡᠭᠡᠨ ᠡᠨᠡ ᠪᠤᠯ ᠪᠤᠷᠦᠭᠤ ᠳᠠᠨᠢᠯᠳᠠ ᠪᠤᠯᠤᠨ᠎ᠠ᠃ ᠳᠠᠪᠤᠰᠦ ᠲᠠᠢ ᠤᠰᠦ ᠤᠤᠭᠤᠬᠤ ᠨᠢ ᠪᠡᠶ᠎ᠡ ᠶᠢᠨ ᠡᠷᠡᠬᠦᠯ ᠮᠡᠨᠳᠦ ᠳᠤ | ᠳᠤᠰᠠᠳᠠᠢ ᠪᠤᠯᠪᠠᠴᠦ᠂ ᠥᠷᠯᠥᠭᠡ ᠪᠤᠰᠤᠮᠠᠭᠴᠠ ᠳᠠᠪᠤᠰᠤ ᠲᠠᠢ ᠤᠰᠤ ᠤᠤᠭᠤᠬᠤ ᠨᠢ ᠪᠡᠶ᠎ᠡ ᠶᠢᠨ ᠡᠷᠡᠭᠦᠯ ᠮᠠᠨᠳᠦ ᠳᠤ ᠠᠰᠢᠭ ᠦᠬᠡᠢ ᠪᠠᠷ ᠪᠠᠷᠠᠬᠤ ᠦᠬᠡᠢ ᠡᠷᠡᠬᠦᠯ | ᠮᠡᠨᠳᠦ ᠶᠢ ᠨᠦᠯᠦᠬᠡᠯᠡᠬᠦ ᠪᠤᠯᠤᠨ᠎ᠠ᠃ ᠳᠠᠪᠤᠰᠦ ᠲᠠᠢ ᠤᠰᠦ ᠶᠢ ᠬᠠᠷᠢᠨ ᠶᠡᠭᠡ ᠬᠡᠮᠵᠢᠶᠡᠨ ᠤ ᠬᠦᠯᠦᠰᠦ ᠭᠠᠷᠤᠭᠰᠠᠨ ᠦᠶ᠎ᠡ ᠳᠤ ᠤᠤᠭᠤᠪᠠᠯ ᠬᠦᠯᠦᠰᠦ | ᠭᠠᠷᠤᠭᠰᠠᠨ ᠠᠴᠠ ᠪᠤᠯᠵᠦ ᠠᠯᠳᠠᠭᠳᠠᠭᠰᠠᠨ ᠤᠰᠦ ᠶᠢ ᠨᠦᠬᠦᠪᠤᠷᠢᠯᠡᠳᠡᠭ᠃ ᠹᠢᠽᠤᠯᠤᠺᠢ ᠶᠢᠨ ᠰᠤᠳᠤᠯᠭᠠᠳᠠᠨ ᠤ ᠦᠵᠡᠬᠦ ᠪᠠᠷ᠂ ᠬᠦᠮᠦᠨ ᠰᠦᠨᠢ ᠳᠡᠭᠡᠨ ᠤᠨᠳᠠᠵᠦ | ᠳᠤᠰᠤᠯ ᠤᠰᠦ ᠴᠦ ᠤᠤᠭᠤᠳᠠᠭ ᠦᠬᠡᠢ ᠳᠤᠯᠠ ᠠᠮᠢᠰᠬᠤᠬᠤ᠂ ᠬᠦᠯᠦᠰᠦ ᠭᠠᠷᠬᠤ ᠢᠯᠭᠠᠷᠠᠭᠤᠯᠬᠤ ᠪᠠᠷ ᠳᠠᠮᠵᠢᠵᠦ ᠪᠡᠶ᠎ᠡ ᠳᠤᠳᠤᠷᠠᠬᠢ ᠤᠰᠦ ᠶᠡᠭᠡ ᠬᠡᠮᠵᠢᠶ᠎ᠡ ᠪᠠᠷ | ᠬᠤᠷᠤᠭᠳᠠᠳᠠᠭ᠃ ᠦᠷᠯᠦᠬᠡ ᠪᠤᠰᠬᠤ ᠦᠶ᠎ᠡ ᠳᠤ᠂ ᠪᠡᠶ᠎ᠡ ᠳᠤᠳᠤᠷᠠᠬᠢ ᠴᠢᠰᠦ ᠨᠢᠬᠡᠨᠳᠡ ᠦᠳᠬᠡᠷᠡᠭᠰᠡᠨ ᠪᠤᠯᠬᠤᠷ ᠵᠤᠬᠢᠬᠤ ᠬᠡᠮᠵᠢᠶᠡᠨ ᠤ ᠪᠤᠴᠠᠯᠤᠭᠰᠠᠨ ᠤᠰᠦ | ᠤᠤᠭᠤᠪᠠᠯ ᠦᠳᠬᠡᠷᠡᠭᠰᠡᠨ ᠴᠢᠰᠦ ᠳᠤᠤᠷ᠎ᠠ ᠪᠠᠨ ᠰᠢᠩᠬᠡᠷᠡᠳᠡᠭ᠃ ᠬᠡᠷᠪᠡ ᠳᠠᠪᠤᠰᠦ ᠲᠠᠢ ᠤᠰᠦ ᠤᠤᠭᠤᠪᠠᠯ ᠤᠯᠠᠮ ᠤᠮᠳᠠᠭᠠᠰᠤᠭᠤᠯᠬᠤ ᠪᠤᠯᠤᠨ᠎ᠠ᠃ ᠢᠯᠠᠩᠭᠤᠶ᠎ᠠ | ᠦᠷᠯᠦᠬᠡ ᠬᠦᠮᠦᠰ ᠤᠨ ᠴᠢᠰᠦᠨ ᠳᠠᠷᠦᠯᠳᠠ ᠮᠠᠰᠢ ᠦᠨᠳᠦᠷ ᠪᠠᠶᠢᠳᠠᠭ ᠳᠤᠯᠠ ᠳᠠᠪᠤᠰᠦ ᠲᠠᠢ ᠤᠰᠦ ᠤᠤᠭᠤᠪᠠᠯ ᠴᠢᠰᠦᠨ ᠳᠠᠷᠦᠯᠳᠠ ᠶᠢ ᠤᠯᠠᠮ ᠥᠨᠳᠥᠷ ᠪᠣᠯᠭᠠᠵᠤ᠂ | ᠪᠡᠶ᠎ᠡ ᠶᠢᠨ ᠡᠷᠡᠬᠦᠯ ᠮᠠᠨᠳᠦ ᠶᠢ ᠨᠦᠯᠦᠬᠡᠯᠡᠬᠦ ᠪᠤᠯᠤᠨ᠎ᠠ᠃ ᠵᠢᠩᠬᠢᠨᠡᠮᠡ ᠬᠦᠢᠳᠡᠨ ᠤᠰᠦ ᠤᠯᠠᠩᠬᠢ ᠬᠦᠮᠦᠨ ᠦᠷᠯᠦᠬᠡ ᠪᠤᠰᠤᠩᠭᠤᠳᠠ᠂ ᠢᠯᠠᠩᠭᠤᠶ᠎ᠠ ᠵᠤᠨ ᠤ | ᠠᠭᠠᠬᠢᠮ᠎ᠠ ᠬᠠᠯᠠᠭᠤᠨ ᠦᠶ᠎ᠡ ᠳᠤ ᠪᠤᠰᠤᠮᠠᠭᠴᠠ ᠵᠢᠩᠬᠢᠨᠢᠮᠡ ᠬᠦᠢᠳᠡᠨ ᠤᠰᠦ ᠤᠤᠭᠤᠬᠤ ᠳᠤᠷᠠᠳᠠᠢ ᠶᠤᠮ᠃ | ᠦᠨᠡᠨᠳᠡᠬᠡᠨ ᠡᠨᠡ ᠪᠤᠯ ᠮᠠᠰᠢ ᠰᠢᠨᠵᠢᠯᠡᠬᠦ ᠤᠬᠠᠭᠠᠨᠴᠢ ᠪᠤᠰᠦ ᠠᠵᠢᠯᠯᠠᠭ᠎ᠠ ᠪᠤᠯᠤᠨ᠎ᠠ᠃ ᠮᠦᠨ ᠴᠦ ᠬᠦᠮᠦᠨ ᠤ ᠪᠡᠶ᠎ᠡ ᠶᠢᠨ ᠡᠷᠡᠬᠦᠯ ᠮᠠᠨᠳᠦ ᠳᠤ ᠳᠤᠩ ᠠᠰᠢᠭ | ᠦᠬᠡᠢ ᠶᠤᠮ᠃ ᠵᠠᠰᠠᠵᠦ ᠭᠤᠶᠤᠯᠠᠬᠤ ᠳᠤᠷᠠᠳᠠᠢ ᠡᠮᠡᠭᠲᠡᠶᠢᠴᠣᠳ ᠡᠨᠡ ᠳᠠᠯ᠎ᠠ ᠪᠠᠷ ᠨᠡᠩ ᠠᠩᠬᠠᠷᠬᠤ ᠴᠢᠬᠤᠯᠠᠳᠠᠢ᠃ ᠤᠮᠳᠠᠭᠠᠨ ᠦᠷᠯᠦᠬᠡ ᠪᠤᠰᠤᠮᠠᠭᠴᠠ ᠵᠢᠮᠢᠰ ᠤᠨ | ᠰᠢᠬᠦᠰᠦ᠂ ᠺᠤᠺᠠ ᠺᠤᠷᠠ᠂ ᠺᠤᠹᠧ᠂ ᠴᠢᠱᠦ᠋ᠢ᠂ ᠦᠨᠢᠶᠡᠨ ᠰᠦ ᠵᠡᠷᠬᠡ ᠤᠮᠳᠠᠭᠠᠨ ᠢ ᠤᠤᠭᠤᠵᠦ ᠪᠤᠯᠬᠤ ᠦᠬᠡᠢ᠃ ᠺᠤᠺᠠ ᠺᠤᠷᠠ ᠪᠤᠯᠤᠨ ᠴᠢᠱᠦ᠋ᠢ ᠵᠡᠷᠬᠡ ᠨᠡᠬᠦᠷᠡᠰᠦ | ᠬᠦᠴᠢᠯ ᠤᠨ ᠴᠢᠨᠠᠷᠳᠠᠢ ᠤᠮᠳᠠᠭᠠᠨ ᠳᠤ ᠨᠢᠮᠪᠡᠭᠡ ᠶᠢᠨ ᠬᠦᠴᠢᠯ ᠠᠭᠤᠯᠤᠭᠳᠠᠵᠦ ᠪᠠᠶᠢᠬᠤ ᠤᠴᠢᠷ ᠠᠴᠠ ᠰᠢᠨ᠎ᠡ ᠬᠠᠭᠤᠴᠢᠨ ᠤ ᠰᠤᠯᠢᠯᠴᠠᠭᠠᠨ ᠤ ᠶᠠᠪᠤᠴᠠ ᠳᠤ ᠪᠡᠶ᠎ᠡ | ᠳᠤᠳᠤᠷᠠᠬᠢ ᠶᠡᠭᠡ ᠬᠡᠮᠵᠢᠶᠡᠨ ᠤ ᠺᠠᠯᠼ ᠢ ᠭᠠᠳᠠᠭᠰᠢᠯᠠᠭᠤᠯᠵᠦ᠂ ᠴᠢᠰᠦᠨ ᠤ ᠳᠤᠳᠤᠷᠠᠬᠢ ᠺᠠᠯᠼ ᠤᠨ ᠠᠭᠤᠯᠤᠭᠳᠠᠴᠠ ᠶᠢ ᠪᠠᠭᠤᠷᠠᠭᠤᠯᠵᠦ᠂ ᠤᠳᠠᠭᠠᠨ ᠳᠠᠭᠠᠨ ᠪᠠᠶ᠎ᠡ | ᠳᠤᠳᠤᠷᠠᠬᠢ ᠺᠠᠯᠼ ᠢ ᠳᠤᠳᠠᠭᠳᠠᠭᠤᠯᠳᠠᠭ᠃ ᠵᠠᠷᠢᠮ ᠤᠮᠳᠠᠭᠠᠨ ᠪᠠᠰᠠ ᠰᠢᠬᠡᠰᠦ ᠢᠯᠭᠠᠷᠠᠭᠤᠯᠳᠠᠭ ᠦᠢᠯᠡᠳᠦᠯ ᠲᠠᠢ ᠪᠤᠯᠬᠤᠷ ᠦᠷᠯᠦᠬᠡ ᠪᠤᠰᠤᠮᠠᠭᠴᠠ ᠤᠮᠳᠠᠭᠠᠨ | ᠤᠤᠭᠤᠬᠤ ᠨᠢ ᠪᠡᠶ᠎ᠡ ᠳᠤᠳᠤᠷᠠᠬᠢ ᠠᠯᠳᠠᠭᠳᠠᠭᠰᠠᠨ ᠤᠰᠦ ᠶᠢ ᠨᠦᠬᠦᠪᠤᠷᠢᠯᠡᠵᠦ ᠴᠢᠳᠠᠬᠤ ᠦᠬᠡᠢ ᠪᠠᠷ ᠪᠠᠷᠠᠬᠤ ᠦᠬᠡᠢ᠂ ᠬᠠᠷᠢᠨ ᠤᠯᠠᠮ ᠤᠮᠳᠠᠭᠠᠰᠤᠭᠤᠯᠵᠦ ᠤᠰᠦ | ᠳᠤᠳᠠᠭᠳᠠᠭᠤᠯᠳᠠᠭ᠃ ᠵᠢᠮᠢᠰ ᠤᠨ ᠰᠢᠬᠦᠰᠦ᠂ ᠦᠨᠢᠶᠡᠨ ᠰᠦ᠂ ᠺᠤᠹᠧ ᠵᠡᠷᠬᠡ ᠶᠢ ᠪᠠᠰᠠ ᠦᠷᠯᠦᠬᠡ ᠪᠤᠰᠤᠮᠠᠭᠴᠠ ᠦᠯᠦᠨ ᠢᠶᠠᠷ ᠤᠤᠭᠤᠵᠦ ᠪᠤᠯᠬᠤ ᠦᠬᠡᠢ᠂ | ᠤᠴᠢᠷ ᠨᠢ ᠡᠳᠡᠬᠡᠷ ᠤᠮᠳᠠᠭᠠᠨ ᠨᠢ ᠦᠷᠯᠦᠬᠡ ᠳᠡᠭᠡᠨ ᠬᠦᠮᠦᠨ ᠤ ᠪᠡᠶ᠎ᠡ ᠳᠤ ᠳᠤᠯᠭᠠᠮ᠎ᠠ ᠱᠠᠭᠠᠷᠳᠠᠭᠳᠠᠬᠤ ᠤᠰᠦ ᠶᠢ ᠨᠦᠬᠦᠪᠤᠷᠢᠯᠡᠵᠦ ᠴᠢᠳᠠᠬᠤ ᠦᠬᠡᠢ ᠮᠦᠷᠳᠡᠬᠡᠨ | ᠤᠰᠦ ᠳᠤᠳᠠᠭᠳᠠᠵᠦ ᠪᠠᠶᠢᠭ᠎ᠠ ᠪᠠᠶᠢᠳᠠᠯ ᠳᠤ ᠬᠤᠳᠤᠭᠤᠳᠦ ᠬᠡᠳᠡᠰᠦ ᠶᠢ ᠰᠢᠩᠬᠡᠬᠡᠯᠳᠡ ᠶᠢᠨ ᠠᠵᠢᠯᠯᠭ᠎ᠠ ᠬᠢᠯᠬᠡᠳᠡᠭ ᠳᠤᠯᠠ ᠡᠷᠡᠬᠦᠯ ᠮᠡᠨᠳᠦ ᠳᠤ ᠠᠰᠢᠭ ᠦᠬᠡᠢ ᠶᠤᠮ᠃ | ᠤᠳᠠᠭᠠᠨ ᠳᠠᠯᠪᠢᠭᠰᠠᠨ ᠪᠤᠴᠠᠯᠤᠭᠰᠠᠨ ᠤᠰᠦ ᠪᠤᠴᠠᠯᠤᠭᠰᠠᠨ ᠤᠰᠦ ᠶᠢ ᠤᠳᠠᠭᠠᠨ ᠳᠠᠯᠪᠢᠪᠠᠯ ᠳᠡᠬᠦᠨ ᠤ ᠳᠤᠳᠤᠷᠠᠬᠢ ᠠᠽᠤᠲ ᠤᠨ ᠤᠷᠭᠠᠨᠢᠭ ᠪᠤᠳᠠᠰ ᠨᠢ ᠠᠽᠤᠲ | ᠬᠦᠴᠢᠯ ᠤᠨ ᠳᠠᠪᠤᠰᠦ ᠪᠤᠯᠤᠨ ᠵᠠᠳᠠᠷᠠᠳᠠᠭ᠃ | ᠢᠯᠠᠩᠭᠤᠶ᠎ᠠ ᠤᠷᠳᠦ ᠬᠤᠭᠤᠴᠠᠭ᠎ᠠ ᠳᠠᠯᠪᠢᠭᠰᠠᠨ ᠪᠤᠴᠠᠯᠤᠭᠰᠠᠨ ᠤᠰᠦ ᠨᠢ ᠪᠠᠺᠲ᠋ᠧᠷᠢ ᠳᠤ ᠪᠤᠬᠢᠷᠳᠦᠵᠦ ᠤᠰᠦᠨ ᠳᠤᠳᠤᠷᠠᠬᠢ ᠠᠽᠤᠲ ᠤᠨ ᠤᠷᠭᠠᠨᠢᠭ ᠪᠤᠳᠠᠰ | ᠳᠦᠷᠬᠡᠨ ᠵᠠᠳᠠᠷᠠᠵᠦ᠂ ᠨᠡᠩ ᠠᠷᠪᠢᠨ ᠠᠽᠤᠲ ᠬᠦᠴᠢᠯ ᠤᠨ ᠳᠠᠪᠤᠰᠦ ᠶᠢ ᠪᠤᠢ ᠪᠤᠯᠭᠠᠳᠠᠭ᠃ ᠡᠶᠢᠮᠦ ᠤᠰᠦ ᠶᠢ ᠤᠤᠭᠤᠪᠠᠯ ᠠᠽᠤᠲ ᠬᠦᠴᠢᠯ ᠤᠨ ᠳᠠᠪᠤᠰᠦ ᠨᠢ | ᠴᠢᠰᠦᠨ ᠤ ᠤᠯᠠᠭᠠᠨ ᠤᠭᠤᠷᠠᠭ ᠲᠠᠢ ᠬᠤᠯᠢᠯᠳᠦᠵᠦ ᠴᠢᠰᠦᠨ ᠤ ᠬᠦᠴᠢᠯᠳᠦ᠋ᠷᠦᠭᠴᠢ ᠢᠯᠭᠠᠷᠠᠭᠤᠯᠬᠤ ᠴᠢᠳᠠᠪᠬᠢ ᠶᠢ ᠨᠦᠯᠦᠬᠡᠯᠡᠬᠦ ᠪᠤᠯᠤᠨ᠎ᠠ᠃ ᠡᠶᠢᠮᠦ ᠠᠴᠠ ᠨᠠᠩᠬᠤ | ᠳᠤᠳᠤᠷ᠎ᠠ ᠤᠳᠠᠭᠠᠨ ᠡᠳᠦᠷ ᠬᠠᠳᠠᠭᠠᠯᠠᠭᠰᠠᠨ ᠤᠰᠦ᠂ ᠤᠯᠠᠨ ᠤᠳᠠᠭ᠎ᠠ ᠪᠤᠴᠠᠯᠭᠠᠭᠰᠠᠨ ᠤᠰᠦᠨ ᠤ ᠪᠦᠷᠢᠯᠳᠦᠬᠦᠨ ᠳᠤ ᠬᠤᠪᠢᠷᠠᠯᠳᠠ ᠭᠠᠷᠤᠭᠰᠠᠨ ᠳᠤᠯᠠ ᠤᠤᠭᠤᠵᠦ | ᠪᠤᠯᠬᠤ ᠦᠬᠡᠢ᠃ ᠬᠠᠮᠤᠭ ᠤᠨ ᠰᠠᠶᠢᠨ ᠨᠢ ᠨᠢᠬᠡ ᠯᠡ ᠤᠳᠠᠭ᠎ᠠ ᠪᠤᠴᠠᠯᠭᠠᠭᠰᠠᠨ ᠨᠢᠬᠡ ᠬᠤᠨᠤᠭ ᠪᠤᠯᠤᠭ᠎ᠠ ᠦᠬᠡᠢ ᠤᠰᠦ ᠶᠢ ᠤᠤᠭᠤᠪᠠᠯ ᠰᠠᠶᠢᠨ ᠶᠤᠮ᠃ | ᠡᠬᠦᠨ ᠠᠴᠠ ᠭᠠᠳᠠᠨ᠎ᠠ᠂ ᠡᠯᠳᠡᠪ ᠵᠦᠢᠯ ᠤᠨ ᠰᠠᠪᠠᠨ ᠳᠤ ᠰᠠᠪᠠᠯᠠᠭᠰᠠᠨ ᠤᠯᠠᠨ ᠳᠦᠷᠦᠯ ᠤᠨ ᠨᠡᠷᠡᠮᠡᠯ ᠤᠰᠦ᠂ ᠷᠠᠰᠢᠶᠠᠨ ᠤᠰᠦ ᠵᠡᠷᠬᠡ ᠶᠢ ᠤᠳᠠᠭᠠᠨ ᠬᠠᠳᠠᠭᠠᠯᠠᠵᠦ | ᠪᠤᠯᠬᠤ ᠦᠬᠡᠢ᠃ ᠠᠮᠠᠰᠠᠷ ᠢ ᠨᠢ ᠨᠡᠬᠡᠬᠡᠳ ᠭᠤᠷᠪᠠᠨ ᠡᠳᠦᠷ ᠠᠴᠠ ᠬᠡᠳᠦᠷᠡᠭᠰᠡᠨ ᠪᠠᠶᠢᠪᠠᠯ ᠤᠤᠭᠤᠬᠤ ᠪᠠᠨ ᠪᠤᠯᠢᠬᠤ ᠬᠡᠷᠡᠭᠳᠡᠢ᠃ ᠳᠦᠬᠡᠬᠡᠯ ᠤᠰᠦ ᠵᠠᠷᠢᠮ ᠬᠦᠮᠦᠨ | ᠦᠷᠯᠦᠬᠡ ᠪᠤᠰᠤᠮᠠᠭᠴᠠ ᠳᠦᠬᠡᠬᠡᠯ ᠤᠰᠦ ᠶᠢ ᠰᠢᠭᠤᠳ ᠴᠤᠮᠤᠨ ᠳᠤ ᠳᠤᠰᠴᠦ ᠤᠤᠭᠤᠳᠠᠭ ᠵᠠᠩᠰᠢᠯ ᠲᠠᠢ ᠪᠠᠶᠢᠳᠠᠭ᠃ ᠦᠨᠡᠨ ᠳᠡᠭᠡᠨ ᠡᠨᠡ ᠪᠤᠯ ᠡᠷᠡᠬᠦᠯ ᠮᠡᠨᠳᠦ ᠳᠤ | ᠮᠠᠭᠤ ᠶᠤᠮ᠃ ᠤᠴᠢᠷ ᠨᠢ ᠤᠰᠦ ᠳᠠᠮᠵᠢᠭᠤᠯᠬᠤ ᠬᠤᠭᠤᠯᠠᠢ ᠳᠤ ᠦᠨᠵᠢᠭᠰᠡᠨ ᠳᠦᠬᠡᠬᠡᠯ ᠤᠰᠦ ᠨᠢ ᠨᠢᠬᠡ ᠰᠦᠨᠢ ᠳᠡᠭᠡᠨ ᠳᠦᠬᠡᠬᠡᠯ ᠤᠰᠤ ᠳᠠᠮᠵᠢᠭᠤᠯᠬᠤ ᠳᠡᠮᠦᠷᠯᠢᠭ | ᠬᠤᠭᠤᠯᠠᠢ ᠲᠠᠢ ᠤᠷᠪᠠᠯ ᠡᠬᠦᠰᠴᠦ ᠳᠡᠮᠦᠷᠯᠢᠭ ᠲᠤ ᠪᠤᠬᠢᠷᠳᠤᠭᠳᠠᠭᠰᠠᠨ ᠪᠠᠶᠢᠳᠠᠭ᠃ ᠡᠶᠢᠮᠦ ᠳᠦᠬᠡᠬᠡᠯ ᠤᠰᠦ ᠶᠢ ᠤᠤᠭᠤᠪᠠᠯ ᠠᠮᠢᠰᠬᠤᠯ ᠤᠨ ᠵᠠᠮ ᠤᠨ | ᠬᠠᠯᠳᠠᠪᠤᠷᠢᠳᠦ ᠡᠪᠡᠳᠴᠢᠨ ᠳᠤ ᠨᠡᠷᠪᠡᠭᠳᠡᠬᠦ ᠨᠤᠷᠮ᠎ᠠ ᠶᠢ ᠳᠡᠬᠡᠭᠰᠢᠯᠡᠬᠦᠯᠳᠡᠭ᠃ ᠡᠶᠢᠮᠦ ᠠᠴᠠ᠂ ᠦᠷᠯᠦᠬᠡ ᠪᠤᠰᠤᠮᠠᠭᠴᠠ ᠳᠦᠬᠡᠬᠡᠯ ᠤᠰᠦ ᠶᠢ ᠰᠢᠭᠤᠳ ᠳᠤᠰᠦᠨ | ᠤᠤᠭᠤᠵᠦ ᠪᠤᠯᠬᠤ ᠦᠬᠡᠢ᠃ ᠡᠶᠢᠮᠦ ᠳᠠᠳᠬᠠᠯ ᠲᠠᠢ ᠬᠦᠮᠦᠰ ᠡᠷᠡᠬᠦᠯ ᠪᠤᠰᠦ ᠳᠠᠳᠬᠠᠯ ᠢᠶᠠᠨ ᠡᠷᠬᠡᠪᠰᠢ ᠦᠬᠡᠷᠡᠴᠢᠯᠡᠬᠦ ᠬᠡᠷᠡᠭᠳᠡᠢ᠃ |