ᠮᠤᠨᠠ ᠠᠭᠤᠯᠠ ᠪᠠᠯᠭᠠᠰᠤ ᠣᠯᠠᠨ ᠵᠦᠢᠯ ᠤᠨ ᠠᠷᠭ᠎ᠠ ᠬᠡᠮᠵᠢᠶ᠎ᠡ ᠠᠪᠴᠤ ᠪᠣᠭᠤᠳᠠᠶ ᠲᠠᠷᠢᠬᠤ ᠶᠢ ᠠᠬᠢᠭᠤᠯᠪᠠ
ᠨᠡᠶᠢᠲᠡᠯᠡᠭᠰᠡᠨ ᠴᠠᠭ᠄
2023/2/27

ᠣᠳᠣᠬᠠᠨ ᠳᠤ᠂ ᠶᠠᠭ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠤᠨ ᠵᠠᠩᠭᠢᠯᠠᠭ᠎ᠠ ᠶᠢᠨ ᠬᠤᠭᠤᠴᠠᠭ᠎ᠠ ᠪᠣᠯᠣᠨ᠎ᠠ᠂ ᠤᠷᠠᠳ ᠤᠨ ᠡᠮᠦᠨᠡᠲᠦ ᠬᠤᠰᠢᠭᠤᠨ ᠤ ᠮᠤᠨᠠ

ᠠᠭᠤᠯᠠ ᠪᠠᠯᠭᠠᠰᠤ ᠲᠥᠪ ᠤᠨ ᠨᠢᠭᠡᠳᠦᠭᠡᠷ ᠲᠣᠭᠠᠲᠤ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ ᠨᠠᠷᠢᠨ ᠬᠢᠨᠠᠮᠠᠭᠠᠶ ᠲᠤᠭᠤᠰᠢᠯᠠᠭᠤᠯᠵᠤ᠂ ᠬᠠᠪᠤᠷ ᠤᠨ

ᠲᠠᠷᠢᠶᠠᠯᠠᠭ᠎ᠠ ᠠᠴᠠ ᠡᠮᠦᠨᠡᠬᠢ ᠠᠰᠢᠭᠲᠠᠶ ᠠᠵᠠ ᠲᠣᠬᠢᠶᠠᠯ ᠢ ᠠᠮᠵᠢᠵᠤ᠂ ᠣᠯᠠᠨ ᠵᠦᠢᠯ ᠤᠨ ᠠᠷᠭ᠎ᠠ ᠬᠡᠮᠵᠢᠶ᠎ᠡ ᠶᠢ ᠵᠡᠷᠭᠡ ᠪᠠᠷ ᠬᠡᠷᠡᠭᠯᠡᠨ ᠪᠣᠭᠤᠳᠠᠶ ᠳᠠᠷᠢᠬᠤ ᠶᠢ

ᠨᠠᠶᠢᠳᠠᠪᠤᠷᠢᠵᠢᠭᠤᠯᠵᠤ᠂ ᠠᠮᠤ ᠪᠤᠳᠠᠭᠠᠨ ᠤ ᠠᠮᠤᠷ ᠲᠦᠪᠰᠢᠨ ᠤ ᠰᠠᠭᠤᠷᠢ ᠶᠢ ᠪᠠᠬᠢᠵᠢᠭᠦᠯᠪᠡ᠃

     ᠠᠮᠤ ᠪᠤᠳᠠᠭᠠᠨ ᠤ ᠠᠮᠤᠷ ᠲᠦᠪᠰᠢᠨ ᠢ ᠪᠠᠲᠤᠯᠠᠵᠤ᠂ ᠠᠮᠤ ᠪᠤᠳᠠᠭ᠎ᠠ ᠳᠠᠷᠢᠬᠤ ᠲᠠᠯᠠᠪᠠᠶ ᠶᠢ ᠲᠣᠭᠲᠠᠪᠤᠷᠢᠵᠢᠭᠤᠯᠬᠤ ᠶᠢᠨ ᠲᠥᠯᠥᠭᠡ᠂  ᠮᠣᠨᠠ ᠠᠭᠤᠯᠠ

ᠪᠠᠯᠭᠠᠰᠤ ᠪᠣᠭᠤᠳᠠᠶ ᠳᠠᠷᠢᠬᠤ ᠲᠣᠬᠢᠷᠠᠭᠤᠯᠤᠯᠲᠠ ᠪᠠᠶᠢᠷᠢᠯᠠᠭᠤᠯᠤᠯᠲᠠ ᠶᠢᠨ ᠬᠤᠷᠠᠯ ᠢ ᠴᠠᠭ ᠲᠤᠬᠠᠶ ᠳᠤᠨᠢ ᠵᠣᠬᠢᠶᠠᠨ ᠪᠠᠶᠢᠭᠤᠯᠤᠨ ᠬᠤᠷᠠᠯᠳᠤᠵᠤ᠂ ᠠᠵᠢᠯ ᠤᠨ ᠡᠭᠦᠷᠭᠡ

ᠬᠠᠷᠢᠭᠤᠴᠠᠯᠭ᠎ᠠ  ᠪᠠᠨ ᠪᠣᠳᠠᠲᠠᠶᠢᠵᠢᠭᠤᠯᠤᠨ᠂  ︽ᠲᠣᠰᠬᠤᠨ ᠤ ᠵᠥᠪᠯᠡᠯ ᠲᠦᠷᠦᠭᠦᠯᠡᠨ ᠳᠠᠷᠢᠬᠤ᠂ ᠲᠠᠷᠢᠶᠠᠴᠢᠨ ᠡᠷᠦᠬᠡ ᠰᠠᠶᠢᠨ ᠳᠤᠷ᠎ᠠ ᠠᠴᠠ ᠪᠠᠨ ᠳᠠᠷᠢᠬᠤ᠂

ᠲᠣᠮᠣ ᠡᠷᠦᠬᠡ ᠶᠡᠭᠡ ᠬᠡᠪᠴᠢᠶ᠎ᠡ ᠪᠠᠷ ᠳᠠᠷᠢᠬᠤ︾ ᠵᠠᠷᠴᠢᠮ ᠢ  ᠪᠠᠷᠢᠮᠲᠠᠯᠠᠵᠤ᠂  ᠲᠠᠷᠢᠶᠠᠴᠢᠳ ᠲᠤ ᠠᠰᠢᠭ ᠬᠦᠷᠲᠡᠭᠡᠬᠦ ᠡᠯ᠎ᠡ ᠵᠦᠢᠯ ᠤᠨ ᠲᠥᠷᠥ ᠶᠢᠨ ᠪᠣᠳᠣᠯᠭ᠎ᠠ ᠶᠢ

ᠥᠷᠭᠡᠨ ᠢᠶᠠᠷ ᠣᠬᠠᠭᠤᠯᠣᠨ᠂ ᠪᠤᠭᠤᠳᠠᠶ ᠲᠠᠷᠢᠬᠤ ᠲᠥᠯᠥᠪᠯᠡᠭᠡ ᠶᠢ ᠤᠷᠢᠳᠴᠢᠯᠠᠨ ᠣᠶᠢᠯᠠᠭᠠᠵᠤ᠂ ᠪᠤᠭᠤᠳᠠᠶ ᠲᠠᠷᠢᠬᠤ ᠠᠵᠢᠯ ᠢ ᠡᠮᠬᠢ ᠵᠢᠷᠤᠮ ᠲᠠᠢ‌‍ᠪᠠᠷ ᠲᠦᠯᠬᠢᠨ

ᠠᠬᠢᠭᠤᠯᠪᠠ᠃ ᠡᠭᠦᠨ ᠤ ᠬᠠᠮᠲᠤ᠂ ᠲᠣᠰ ᠪᠠᠯᠭᠠᠰᠤᠨ ᠤ ᠡᠯ᠎ᠡ ᠲᠣᠰᠬᠤᠨ ᠪᠠᠶᠢᠴᠠᠭᠠᠯᠲᠠ ᠬᠢᠵᠦ ᠪᠠᠶᠢᠳᠠᠯ ᠢ ᠣᠶᠢᠯᠠᠭᠠᠵᠤ ᠬᠢᠨᠠᠨ ᠬᠠᠷᠭᠤᠭᠤᠯᠬᠤ ᠪᠠᠷ ᠳᠡᠮᠵᠢᠨ᠂

ᠡᠯ᠎ᠡ ᠲᠣᠰᠬᠤᠨ ᠤ ᠪᠣᠭᠤᠳᠠᠶ ᠳᠠᠷᠢᠬᠤ ᠳᠤ ᠬᠡᠷᠡᠭᠰᠡᠬᠦ ᠦᠷ᠎ᠡ᠂ ᠮᠠᠰᠢᠨ ᠮᠧᠬᠠᠨᠢᠭ ᠵᠡᠷᠭᠡ ᠲᠠᠷᠢᠶᠠᠯᠠᠩ ᠳᠤ ᠬᠡᠷᠡᠭᠯᠡᠬᠦ ᠡᠳ᠋ ᠪᠣᠳᠠᠰ ᠤᠨ ᠨᠥᠭᠡᠴᠡ ᠶᠢᠨ ᠪᠠᠶᠢᠳᠠᠯ ᠢ

ᠨᠠᠷᠢᠨ ᠣᠶᠢᠯᠠᠭᠠᠵᠤ᠂ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠬᠠᠩᠭᠠᠯᠭ᠎ᠠ ᠶᠢᠨ ᠠᠷᠭ᠎ᠠ ᠵᠠᠮ ᠲᠠᠢ ᠢᠳᠡᠪᠬᠢᠲᠡᠶ ᠬᠠᠷᠢᠯᠴᠠᠵᠤ᠂ ᠶᠠᠰᠤ ᠴᠢᠨᠠᠷ ᠤᠨ

ᠪᠣᠭᠤᠮᠲᠠ ᠶᠢ ᠰᠠᠶᠢᠲᠤᠷ ᠠᠳᠬᠤᠭᠰᠠᠨ ᠤᠷᠢᠲᠠᠯ ᠳᠤᠤᠷ᠎ᠠ᠂ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠢ ᠵᠣᠬᠢᠶᠠᠨ ᠪᠠᠶᠢᠭᠤᠯᠤᠨ ᠵᠣᠬᠢᠴᠠᠭᠤᠯᠵᠤ

ᠲᠣᠬᠢᠷᠠᠭᠤᠯᠤᠨ ᠵᠥᠭᠡᠭᠡᠪᠦᠷᠢᠯᠡᠪᠡ᠃ ᠣᠲᠣ ᠨᠢᠭᠡᠨᠲᠡ 21 ᠰᠠᠭᠤᠷᠢ ᠪᠣᠭᠤᠳᠠᠶ ᠳᠠᠷᠢᠬᠤ ᠮᠠᠰᠢᠨ ᠵᠠᠬᠢᠶᠠᠯᠠᠨ ᠬᠤᠳᠠᠯᠳᠤᠨ ᠠᠪᠴᠤ᠂ 112.5 ᠲᠣᠨ ᠪᠣᠭᠤᠳᠠᠶ ᠶᠢᠨ

ᠦᠷ᠎ᠡ ᠨᠥᠭᠡᠴᠡᠯᠡᠵᠦ ᠪᠣᠶ᠃

      ᠲᠠᠷᠠᠭᠠᠴᠢ ᠶᠢᠨ ᠠᠯᠬᠤᠮ ᠳᠤ᠂ ᠮᠤᠨᠠ ᠠᠭᠤᠯᠠ ᠪᠠᠯᠭᠠᠰᠤᠨ ᠤ ᠬᠢᠨ ᠠᠮᠤ ᠪᠤᠳᠠᠭᠠᠨ ᠤ ᠬᠠᠩᠭᠠᠯᠭ᠎ᠠ ᠶᠢ ᠪᠠᠲᠤᠯᠠᠬᠤ ᠳᠤ ᠭᠠᠵᠠᠷ ᠰᠢᠷᠣᠶ ᠳᠤ ᠲᠦᠰᠢᠭᠯᠡᠬᠦ᠂

ᠠᠮᠤ ᠪᠤᠳᠠᠭᠠᠨ ᠤ ᠤᠨᠠᠯᠲᠠ ᠶᠢ ᠨᠡᠮᠡᠭᠳᠡᠭᠦᠯᠬᠦ ᠳᠤ ᠰᠢᠨᠵᠢᠯᠡᠬᠦ ᠤᠬᠠᠭᠠᠨ ᠮᠡᠷᠭᠡᠵᠢᠯ ᠳᠤ ᠲᠦᠰᠢᠭᠯᠡᠬᠦ ᠪᠠᠶᠢᠯᠳᠤᠬᠤ ᠪᠣᠳᠣᠯᠭ᠎ᠠ ᠶᠢ ᠭᠦᠨᠵᠡᠭᠡᠶ ᠲᠤᠭᠤᠰᠢᠯᠠᠭᠤᠯᠤᠨ

ᠨᠠᠶᠢᠳᠠᠪᠤᠷᠢᠵᠢᠭᠤᠯᠵᠤ᠂ ᠲᠠᠷᠢᠶᠠᠯᠠᠩ ᠤᠨ ᠬᠡᠷᠡᠭᠰᠡᠯ ᠤᠨ ᠬᠠᠩᠭᠠᠯᠭ᠎ᠠ ᠶᠢ ᠪᠠᠲᠤᠯᠠᠬᠤ ᠠᠵᠢᠯ ᠢ ᠢᠳᠡᠪᠬᠢᠲᠡᠶ ᠥᠷᠨᠢᠭᠦᠯᠵᠦ᠂ ᠬᠠᠪᠤᠷ ᠤᠨ ᠲᠠᠷᠢᠶᠠᠯᠠᠭ᠎ᠠ ᠶᠢᠨ 

ᠦᠢᠯᠡᠳᠪᠦᠷᠢᠯᠡᠯ ᠤᠨ ᠠᠵᠢᠯ ᠢ ᠪᠥᠬᠦ ᠬᠦᠴᠦᠨ ᠢᠶᠠᠷ ᠢᠶᠠᠨ ᠰᠠᠶᠢᠲᠤᠷ  ᠬᠢᠬᠦ ᠪᠠᠷ ᠪᠠᠶᠢᠨ᠎ᠠ᠃

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ