【ᠲᠡᠦᠬᠡ ᠰᠤᠶᠤᠯ】ᠤᠷᠠᠳ ᠤᠨ ᠭᠤᠷᠪᠠᠨ ᠬᠤᠰᠢᠭᠤᠨ ᠤ ᠨᠤᠳᠤᠭ ᠲᠡᠪᠢᠰᠭᠡᠷ ᠤᠨ ᠪᠠᠶᠢᠳᠠᠯ
ᠨᠡᠶᠢᠲᠡᠯᠡᠭᠰᠡᠨ ᠴᠠᠭ᠄
2023/2/17
     ᠤᠷᠠᠳ ᠤᠨ ᠭᠤᠷᠪᠠᠨ ᠬᠦᠩ ᠤᠨ ᠬᠤᠰᠢᠭᠤᠨ ᠤ ᠨᠤᠳᠤᠭ ᠲᠡᠪᠢᠰᠭᠡᠷ ᠤᠨ ᠬᠤᠪᠢᠶᠠᠷᠢᠯᠠᠯᠲᠠ ᠨᠢ ᠪᠠᠷᠠᠭᠤᠨ ᠬᠦᠩ ᠤᠨ ᠬᠤᠰᠢᠭᠤ ᠬᠠᠳᠤᠨ ᠭᠤᠤᠯ ᠤᠨ ᠬᠤᠶᠢᠳᠤ ᠬᠦᠪᠡᠭᠡ᠂ ᠮᠤᠨᠠ ᠠᠭᠤᠯᠠ ᠶᠢᠨ ᠠᠷᠤ ᠦᠪᠦᠷ ᠢᠶᠠᠷ ᠮᠠᠯᠵᠢᠨ ᠰᠠᠭᠤᠷᠢᠰᠢᠵᠤ᠂ ᠲᠤᠮᠳᠠᠳᠤ ᠬᠦᠩ ᠤᠨ ᠬᠤᠰᠢᠭᠤ ᠬᠤᠶᠠᠷ ᠪᠤᠭᠲᠠ ᠶᠢᠨ ᠠᠷᠤ ᠪᠠᠷ ᠪᠠᠷᠠᠭᠤᠨ ᠬᠦᠩ ᠤᠨ ᠬᠤᠰᠢᠭᠤᠨ ᠤ ᠵᠡᠬᠦᠨ ᠬᠤᠶᠢᠳᠤ ᠪᠡᠶ᠎ᠡ ᠪᠠᠷ ᠲᠤᠰ ᠲᠤᠰ ᠮᠠᠯᠵᠢᠨ᠂ ᠵᠡᠬᠦᠨ ᠬᠤᠰᠢᠭᠤ ᠨᠢ ᠲᠠᠷᠬᠠᠨ ᠮᠤᠤᠮᠢᠩᠭᠠᠨ ᠬᠤᠰᠢᠭᠤ ᠲᠠᠢ ᠵᠠᠬᠠᠲᠠᠨ ᠰᠠᠭᠤᠷᠢᠰᠢᠵᠤ ᠪᠠᠶᠢᠵᠠᠢ᠃ ᠭᠤᠷᠪᠠᠨ ᠬᠤᠰᠢᠭᠤ ᠨᠤᠳᠤᠭ ᠲᠡᠪᠢᠰᠭᠡᠷ ᠢᠶᠠᠨ ᠠᠭᠤᠯᠠ ᠤᠰᠤ ᠪᠠᠷ ᠶᠡᠭᠡ ᠲᠦᠯᠦᠪ ᠵᠠᠭᠠᠭᠯᠠᠭᠰᠠᠨ ᠠᠴᠠ ᠪᠢᠰᠢ ᠲᠤᠳᠤᠷᠬᠠᠢ ᠬᠤᠪᠢᠶᠠᠵᠤ ᠲᠤᠭᠲᠠᠭᠠᠭᠰᠠᠨ ᠦᠬᠡᠢ ᠲᠤᠯᠠ ᠭᠤᠷᠪᠠᠨ ᠬᠤᠰᠢᠭᠤᠨ ᠤ ᠠᠶᠢᠯ ᠤᠳ ᠬᠤᠯᠢᠯᠳᠤᠨ ᠰᠠᠭᠤᠷᠢᠰᠢᠭᠠᠳ ᠨᠢᠭᠡ ᠠᠶᠢᠯ ᠬᠡᠵᠡᠭᠡᠳᠡᠭ ᠪᠠᠶᠢᠵᠠᠢ᠃ ᠭᠤᠷᠪᠠᠨ ᠭᠦᠩ ᠤᠨ ᠬᠤᠰᠢᠭᠤ ᠨᠢ ᠵᠦᠪᠬᠡᠨ ᠬᠦᠮᠦᠨ᠂ ᠮᠠᠯ᠂ ᠡᠳ᠋ ᠬᠦᠷᠦᠩᠭᠡ ᠪᠠᠨ ᠬᠤᠪᠢᠶᠠᠭᠰᠠᠨ ᠠᠴᠠ ᠪᠢᠰᠢ᠂ ᠪᠡᠯᠴᠢᠭᠡᠷ ᠪᠠ ᠬᠤᠰᠢᠭᠤ ᠵᠠᠭᠠᠭ ᠢᠶᠠᠨ ᠲᠤᠲᠤᠷᠬᠠᠢ ᠬᠤᠪᠢᠲᠠᠭᠰᠠᠨ ᠦᠬᠡᠢ ᠤᠴᠢᠷ ᠠᠴᠠ ᠵᠠᠬ᠎ᠠ ᠵᠠᠭᠠᠭ ᠤᠨ ᠦᠵᠡᠯᠲᠡ ᠰᠤᠯᠠ ᠭᠠᠵᠠᠷ ᠨᠤᠳᠤᠭ ᠪᠡᠯᠴᠢᠭᠡᠷ ᠤᠰᠤ ᠪᠠᠨ ᠲᠠᠷᠬᠠᠢ ᠪᠠᠷ ᠡᠵᠡᠮᠰᠢᠭᠰᠡᠭᠡᠷ ᠢᠷᠡᠭᠰᠡᠨ ᠶᠤᠮ᠃ ᠤᠷᠠᠳ ᠤᠨ ᠲᠤᠮᠳᠠᠳᠤ ᠬᠦᠩ ᠤᠨ ᠬᠤᠰᠢᠭᠤ ᠬᠡᠳᠦ᠋ᠢᠪᠡᠷ ᠮᠤᠨᠠ ᠠᠭᠤᠯᠠ ᠶᠢᠨ ᠠᠷᠤ ᠪᠠᠷ ᠰᠠᠭᠤᠷᠢᠰᠢᠨ ᠮᠠᠯᠵᠢᠵᠤ ᠪᠠᠶᠢᠭᠰᠠᠨ ᠪᠤᠯᠪᠠᠴᠤ ᠨᠡᠭᠡ ᠪᠦᠯᠦᠭ ᠰᠤᠮᠤ ᠶᠢᠨ ᠮᠠᠯᠴᠢᠨ ᠡᠷᠦᠬᠡ ᠨᠢ ᠪᠠᠷᠠᠭᠤᠨ ᠬᠦᠩ ᠤᠨ ᠬᠤᠰᠢᠭᠤᠨ ᠤ ᠵᠠᠬ᠎ᠠ ᠲᠤᠳᠤᠷᠠᠬᠢ ᠮᠤᠨᠠ ᠠᠭᠤᠯᠠ ᠶᠢᠨ ᠠᠷᠤ ᠦᠪᠦᠷ ᠬᠤᠷᠮᠤᠢ ᠪᠠᠷ ᠤᠷᠳᠤ ᠬᠤᠭᠤᠴᠠᠭ᠎ᠠ ᠪᠠᠷ ᠰᠠᠭᠤᠷᠢᠰᠢᠵᠤ᠂ ᠮᠠᠯ ᠲᠠᠷᠢᠶᠠᠯᠠᠩ ᠢ ᠡᠷᠬᠢᠯᠡᠨ ᠠᠮᠢᠳᠤᠷᠠᠵᠤ ᠪᠠᠶᠢᠪᠠ᠃      1913 ᠠᠴᠠ 1940 ᠤᠨ ᠬᠦᠷᠳᠡᠯᠡᠬᠢ ᠤᠷᠠᠳ ᠤᠨ ᠭᠤᠷᠪᠠᠨ ᠬᠤᠰᠢᠭᠤᠨ ᠤ ᠪᠠᠶᠢᠷᠢᠰᠢᠯ ᠨᠢ ᠶᠡᠭᠡ ᠲᠦᠯᠦᠪ ᠲᠤ ᠪᠠᠨ ᠪᠠᠷᠠᠭᠤᠨ ᠲᠠᠯ᠎ᠠ ᠪᠠᠷ ᠢᠶᠠᠨ ᠠᠯᠠᠱᠠ ᠬᠤᠰᠢᠭᠤ ᠲᠠᠢ ᠵᠠᠬ᠎ᠠ ᠨᠡᠶᠢᠯᠡᠵᠤ᠂ ᠬᠦᠨᠳᠦᠰ ᠴᠠᠭᠠᠨ ᠠᠭᠤᠯᠠ ᠨᠢ ᠵᠠᠬ᠎ᠠ ᠪᠤᠯᠵᠤ ᠪᠠᠶᠢᠪᠠ᠃ ᠪᠠᠷᠠᠭᠤᠨ ᠡᠮᠦᠨᠡᠬᠦᠷ ᠪᠠ ᠤᠷᠢᠳᠤᠭᠤᠷ ᠢᠶᠠᠨ ᠬᠠᠩᠭᠢᠨ ᠬᠤᠰᠢᠭᠤ ᠲᠠᠢ ᠵᠠᠭᠠᠭᠯᠠᠵᠤ᠂ ᠵᠡᠬᠦᠨ ᠡᠮᠦᠨᠡᠬᠦᠷ ᠢᠶᠠᠨ ᠲᠠᠯᠠᠳ ᠬᠤᠰᠢᠭᠤ ᠲᠠᠢ ᠵᠠᠬ᠎ᠠ ᠨᠡᠶᠢᠯᠡᠵᠤ ᠪᠠᠶᠢᠪᠠ᠃ ᠵᠡᠬᠦᠨ ᠪᠠ ᠵᠡᠬᠦᠨ ᠬᠤᠶᠢᠲᠤ ᠲᠠᠯ᠎ᠠ ᠪᠠᠷ ᠢᠶᠠᠨ ᠲᠦᠮᠡᠳ ᠪᠤᠯᠤᠨ ᠲᠠᠷᠬᠠᠨ ᠪᠠᠶᠢᠯᠠ ᠶᠢᠨ ᠬᠤᠰᠢᠭᠤ ᠲᠠᠢ ᠵᠠᠬ᠎ᠠ ᠨᠡᠶᠢᠯᠡᠵᠤ ᠪᠠᠶᠢᠭᠰᠠᠨ ᠶᠤᠮ᠃      ᠢᠷᠬᠡᠨ ᠤᠯᠤᠰ ᠤᠨ ᠬᠤᠷᠢᠨ ᠵᠢᠷᠭᠤᠳᠤᠭᠠᠷ ᠤᠨ ︵1937 ᠤᠨ︶ ᠤ ᠪᠦᠷᠢᠳᠭᠡᠯ ᠢ ᠦᠨᠳᠦᠰᠦᠯᠡᠨ᠂ ᠤᠷᠠᠳ ᠤᠨ ᠲᠤᠮᠳᠠᠳᠤ ᠬᠦᠩ ᠤᠨ ᠬᠤᠰᠢᠭᠤ ᠨᠤᠳᠤᠭ ᠲᠡᠪᠢᠰᠭᠡᠷ ᠤᠨ ᠶᠡᠷᠤᠩᠬᠡᠢ ᠲᠠᠯᠠᠪᠠᠢ ᠨᠢ 35000 ᠭᠠᠷᠤᠢ ᠲᠡᠭᠰᠢ ᠲᠦᠷᠪᠡᠯᠵᠢᠨ ᠺᠢᠯᠤᠮᠧᠳ᠋ᠷ ᠪᠠᠶᠢᠭᠰᠠᠨ ᠶᠤᠮ᠃ ᠪᠠᠷᠠᠭᠤᠨ ᠪᠡᠶ᠎ᠡ ᠶᠢᠨ ᠠᠷᠤ ᠭᠤᠪᠢ ᠠᠴᠠ ᠵᠡᠬᠦᠨ ᠪᠡᠶ᠎ᠡ ᠶᠢᠨ ᠰᠤᠯᠤᠨ ᠠᠭᠤᠯᠠ ᠬᠦᠷᠳᠡᠯᠡᠬᠢ ᠪᠠᠷᠤᠭ 400 ᠺᠢᠯᠤᠮᠧᠳ᠋ᠷ ᠤᠨ ᠤᠷᠳᠤ ᠬᠢᠯᠢ ᠶᠢᠨ ᠤᠷᠤᠨ ᠪᠤᠯ ᠵᠠᠬ᠎ᠠ ᠬᠢᠵᠠᠭᠠᠷ ᠦᠬᠡᠢ ᠠᠩᠭᠠᠮᠠᠯ ᠪᠡᠯᠴᠢᠭᠡᠷ ᠪᠠᠶᠢᠭᠰᠠᠨ ᠪᠦᠬᠡᠳ ᠠᠲᠠᠷ ᠲᠠᠯ᠎ᠠ ᠠᠭᠯᠠᠭ ᠠᠭᠤᠯᠠ ᠪᠠᠷ ᠵᠡᠭᠡᠷ᠎ᠡ ᠬᠦᠷᠦᠭᠡᠰᠦ ᠰᠦᠷᠦᠭᠯᠡᠨ ᠪᠡᠯᠴᠢᠭᠡᠷᠯᠠᠵᠤ ᠠᠷᠭᠠᠯᠢ ᠤᠭᠠᠯᠵᠠ ᠶᠠᠩᠭᠢᠷ ᠲᠤᠭᠯᠠᠯᠳᠤᠨ ᠬᠦᠶᠤᠯᠳᠤᠭᠡᠳ ᠠᠩᠴᠢᠨ ᠬᠦᠮᠦᠨ ᠤ ᠠᠳᠠᠭ᠎ᠠ ᠶᠢ ᠬᠦᠳᠡᠯᠭᠡᠳᠡᠭ ᠰᠠᠶᠢᠬᠠᠨ ᠤᠷᠤᠨ ᠪᠠᠶᠢᠭᠰᠠᠨ ᠪᠠᠶᠢᠪᠠ᠃      ᠬᠤᠰᠢᠭᠤ ᠨᠤᠳᠤᠭ ᠤᠨ ᠭᠠᠵᠠᠷ ᠲᠡᠪᠢᠰᠭᠡᠷ ᠲᠡᠭᠡᠷ᠎ᠡ ᠠᠭᠤᠯᠠ ᠨᠢᠷᠤᠭᠤ ᠰᠦᠨᠳᠡᠷᠯᠡᠨ ᠭᠤᠤᠯ ᠮᠦᠷᠡᠨ ᠮᠡᠯᠮᠡᠯᠵᠢᠵᠤ ᠲᠠᠪᠤᠨ ᠬᠤᠰᠢᠭᠤ ᠮᠠᠯ ᠢ ᠤᠮᠲᠠᠯᠠᠨ ᠦᠰᠭᠡᠵᠤ᠂ ᠲᠠᠪᠤᠨ ᠲᠠᠷᠢᠶᠠᠨ ᠦᠷ᠎ᠡ ᠶᠢ ᠡᠯᠪᠡᠭ ᠬᠤᠷᠢᠶᠠᠳᠠᠭ ᠪᠠᠶᠢᠵᠠᠢ᠃ ᠨᠡᠷ᠎ᠡ ᠠᠯᠳᠠᠷᠰᠢᠭᠰᠠᠨ ᠬᠦᠢᠰᠦ ᠶᠢᠨ ᠵᠤ᠂ ᠬᠠᠪᠲᠠᠭᠠᠢ ᠶᠢᠨ ᠵᠤ ︵ᠲᠠᠯ᠎ᠠ︶᠂ ᠪᠢᠴᠢᠭᠳᠦ ᠶᠢᠨ ᠲᠠᠯ᠎ᠠ᠂ ᠤᠯᠠᠨ ᠮᠤᠳᠤᠨ ᠤ ᠵᠤ ᠵᠡᠷᠭᠡ ᠨᠡᠷ᠎ᠡ ᠲᠠᠢ ᠲᠠᠯ᠎ᠠ ᠴᠠᠶᠢᠳᠠᠮ ᠤᠷᠤᠰᠢᠵᠤ ᠪᠠᠶᠢᠬᠤ ᠠᠴᠠ ᠭᠠᠳᠠᠨ᠎ᠠ᠂ ᠪᠠᠰᠠ ᠤᠯᠢᠶᠠᠰᠤᠲᠠᠢ ᠠᠭᠤᠯᠠ᠂ ᠬᠤᠷᠭᠤ ᠶᠢᠨ ᠠᠭᠤᠯᠠ᠂ ᠬᠤᠶᠠᠷ ᠪᠤᠭᠲᠠ ᠶᠢᠨ ᠠᠭᠤᠯᠠ᠂ ᠪᠠᠷᠠᠭ᠎ᠠ ᠶᠢᠨ ᠠᠭᠤᠯᠠ᠂ ᠮᠤᠨᠠ ᠠᠭᠤᠯᠠ᠂ ᠰᠤᠯᠤᠨ ᠠᠭᠤᠯᠠ ᠵᠡᠷᠭᠡ ᠶᠡᠭᠡ ᠬᠠᠶᠢᠷᠬᠠᠨ ᠲᠠᠢ ᠪᠢᠯᠡ᠃ ᠠᠭᠤᠯᠠᠷᠬᠠᠭ ᠤᠷᠤᠨ ᠤ ᠬᠦᠷᠦᠰᠦ ᠰᠢᠷᠦᠢ ᠦᠩ ᠰᠢᠮᠡᠯᠢᠭ ᠡᠪᠡᠰᠦ ᠪᠡᠯᠴᠢᠭᠡᠷ ᠰᠠᠬᠤᠯᠢᠭ ᠰᠠᠶᠢᠬᠠᠨ᠂ ᠠᠳᠤᠭᠤ ᠦᠬᠡᠷ ᠲᠡᠮᠡᠭᠡ ᠬᠤᠨᠢ ᠢᠮᠠᠭ᠎ᠠ ᠨᠢ ᠠᠭᠤᠯᠠ ᠲᠠᠯ᠎ᠠ ᠦᠬᠡᠢ ᠪᠡᠯᠴᠢᠵᠤ᠂ ᠠᠯᠤᠰ ᠬᠤᠯᠠ ᠠᠴᠠ ᠪᠠᠷᠠᠭᠠᠯᠠᠬᠤ ᠳᠤ ᠲᠡᠭᠷᠢ ᠶᠢᠨ ᠤᠳᠤᠨ ᠮᠡᠴᠢᠳ ᠮᠢᠷᠠᠯᠵᠠᠬᠤ ᠮᠡᠳᠤ ᠭᠤᠶᠤᠬᠠᠨ ᠬᠠᠷᠠᠭᠳᠠᠳᠠᠭ ᠰᠠᠨ᠃      ᠬᠤᠰᠢᠭᠤ ᠨᠤᠳᠤᠭ ᠤᠨ ᠢᠶᠠᠨ ᠴᠢᠮᠡᠭ ᠪᠤᠯᠤᠭᠰᠠᠨ ᠦᠯᠵᠡᠶᠢᠳᠤ ᠬᠡᠬᠡᠷ ᠤᠨ ᠭᠤᠤᠯ᠂ ᠨᠠᠷᠢᠨ ᠬᠡᠬᠡᠷ ᠤᠨ ᠭᠤᠤᠯ᠂ ᠵᠢᠷᠭᠠᠯᠠᠩᠳᠤ ᠶᠢᠨ ᠭᠤᠤᠯ᠂ ᠪᠡᠷᠭᠡ ᠶᠢᠨ ᠭᠤᠤᠯ᠂ ᠠᠪᠤᠷᠠᠭ᠎ᠠ ᠶᠢᠨ ᠭᠤᠤᠯ᠂ ᠲᠠᠮᠠᠭᠠᠳᠤ ᠶᠢᠨ ᠭᠤᠤᠯ᠂ ᠬᠠᠷᠭᠠᠨᠠᠳᠤ ᠶᠢᠨ ᠭᠤᠤᠯ᠂ ᠪᠦᠬᠡᠷ᠎ᠡ ᠶᠢᠨ ᠭᠤᠤᠯ᠂ ᠪᠠᠶᠠᠨ ᠤ ᠭᠤᠤᠯ᠂ ᠵᠡᠬᠦᠨ ᠪᠠᠷᠠᠭᠤᠨ ᠤᠤ ᠶᠢᠨ ᠭᠤᠤᠯ᠂ ᠴᠤᠩᠵᠢ ᠶᠢᠨ ᠭᠤᠤᠯ᠂ ᠬᠠᠯᠢᠭᠤᠳᠤ ᠶᠢᠨ ᠭᠤᠤᠯ᠂ ᠠᠷᠴᠠ ᠶᠢᠨ ᠭᠤᠤᠯ᠂ ᠳ᠋ᠠᠷᠬᠢ ᠶᠢᠨ ᠭᠤᠤᠯ᠂ ᠬᠤᠯᠤᠰᠤᠲᠠᠢ ᠶᠢᠨ ᠭᠤᠤᠯ᠂ ᠴᠢᠨᠳᠠᠮᠤᠨᠢ ᠶᠢᠨ ᠭᠤᠤᠯ᠂ ᠪᠤᠮᠪᠠ ᠴᠠᠭᠠᠨ ᠭᠤᠤᠯ ᠬᠡᠬᠦ ᠮᠡᠳᠦ ᠶᠢᠨ ᠤᠯᠠᠨ ᠭᠤᠤᠯ ᠤᠳ ᠲᠤᠩᠭᠠᠯᠠᠭᠰᠢᠨ ᠤᠷᠤᠰᠴᠤ ᠪᠠᠶᠢᠳᠠᠭ᠃    ᠡᠳᠡᠭᠡᠷ ᠭᠤᠤᠯ ᠮᠦᠷᠡᠨ᠂ ᠠᠭᠤᠯᠠ ᠤᠰᠤ ᠨᠢ ᠤᠷᠠᠳᠴᠤᠳ ᠢ ᠦᠶ᠎ᠡ ᠶᠢᠨ ᠦᠶ᠎ᠡ ᠳᠤ ᠪᠠᠨ ᠤᠮᠳᠠᠯᠠᠨ ᠲᠡᠵᠢᠬᠡᠵᠤ ᠢᠷᠡᠭᠰᠡᠨ ᠲᠤᠯᠠ ᠪᠠᠶᠢᠭᠠᠯᠢ ᠠᠴᠠ ᠦᠭᠬᠦᠭᠰᠡᠨ ᠬᠡᠰᠢᠭ ᠬᠦᠷᠳᠡᠭᠡᠯ ᠢ ᠤᠪᠤᠭ᠎ᠠ ᠤᠰᠤ ᠲᠠᠬᠢᠬᠤ ᠪᠠᠷ ᠬᠡᠳᠡᠷᠬᠦ ᠪᠠᠨ ᠬᠠᠷᠢᠭᠤᠯᠳᠠᠭ ᠵᠠᠩᠰᠢᠯ ᠲᠠᠢ ᠪᠢᠯᠡ᠃     ︽ᠤᠷᠠᠳ ᠵᠠᠩ ᠦᠢᠯᠡ ᠶᠢᠨ ᠰᠤᠳᠤᠯᠤᠯ︾ ᠠᠴᠠ ᠪᠠᠭᠤᠯᠭᠠᠪᠠ      
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ