ᠬᠤᠶᠠᠷ ᠪᠣᠭᠲᠠ ᠶᠢᠨ ᠴᠠᠭᠠᠨ ᠢᠮᠠᠭ᠎ᠠ
ᠨᠡᠶᠢᠲᠡᠯᠡᠭᠰᠡᠨ ᠴᠠᠭ᠄
2023/12/6
     ᠮᠣᠩᠭᠤᠯᠴᠤᠳ ᠡᠷᠲᠡ ᠳᠡᠭᠡᠳᠦ ᠠᠴᠠ ᠴᠢᠨ᠋ᠸ᠎ᠠ ᠶᠢ ᠰᠢᠲᠦᠳᠡᠭ᠃ ᠡᠶᠢᠮᠦ ᠠᠴᠠ ᠴᠢᠨ᠋ᠸ᠎ᠠ ᠶᠢ ᠶᠡᠷᠦ ᠠᠴᠠ ᠨᠡᠷ᠎ᠡ ᠪᠠᠷ ᠨᠢ ᠳᠠᠭᠤᠳᠠᠳᠠᠭ ᠦᠭᠡᠢ ᠬᠠᠷᠢᠨ ︽ᠬᠥᠩᠭᠡᠨ ᠳᠠᠪᠠᠭᠲᠤ︾᠂  ︽ᠰᠦᠷᠡᠬᠡᠢ ᠨᠡᠷᠡᠳᠦ︾᠂  ︽ᠬᠦᠳᠡᠭᠡᠯᠢ ᠠᠪᠤ︾᠂  ︽ᠬᠤᠶᠠᠷ ᠪᠤᠭᠳᠠ︾ ᠭᠡᠬᠦ ᠮᠡᠲᠦ ᠪᠠᠷ ᠴᠡᠭᠡᠷᠯᠡᠨ ᠳᠠᠭᠤᠳᠠᠳᠠᠭ᠃ ᠴᠠᠭᠠᠨ ᠢᠮᠠᠭ᠎ᠠ  ᠪᠠᠷ ᠠᠯᠳᠠᠷᠰᠢᠭᠰᠠᠨ  ︽ᠬᠤᠶᠠᠷ ᠪᠤᠭᠳᠠ︾ ᠭᠡᠳᠡᠭ ᠠᠭᠤᠯᠠ ᠪᠣᠯ ᠤᠷᠠᠳ ᠨᠤᠲᠤᠭ ᠲᠤ ᠪᠠᠶᠢᠳᠠᠭ ᠠᠭᠤᠯᠠ ᠪᠣᠯᠣᠨ᠎ᠠ᠃  ︽ᠬᠤᠶᠠᠷ ᠪᠣᠭᠳᠠ︾ ᠭᠡᠳᠡᠭ ᠨᠢ ᠳᠡᠷᠦᠢ ᠬᠤᠶᠠᠷ ᠴᠢᠨ᠋ᠸ᠎ᠠ ᠭᠡᠰᠡᠨ ᠦᠭᠡ ᠪᠥᠭᠡᠳ ᠬᠤᠶᠠᠷ  ᠪᠣᠭᠳᠠ ᠠᠭᠤᠯᠠ ᠨᠢ ᠠᠯᠤᠰ ᠬᠤᠯᠠ ᠠᠴᠠ ᠬᠠᠷᠠᠬᠤ ᠳᠤ ᠶᠠᠭ ᠯᠠ ᠲᠠᠯ᠎ᠠ ᠶᠢᠨ ᠬᠤᠶᠠᠷ ᠴᠢᠨ᠋ᠸ᠎ᠠ ᠴᠢᠬᠢ   ᠰᠡᠷᠳᠡᠯᠵᠡᠬᠦᠯᠦᠨ ᠠᠯᠤᠰ ᠤᠨ ᠪᠠᠷ᠎ᠠ ᠶᠢ ᠰᠢᠷᠲᠡᠵᠦ ᠪᠠᠶᠢᠭ᠎ᠠ ᠮᠡᠲᠦ ᠪᠠᠶᠢᠳᠠᠭ ᠠᠴᠠ ᠳᠤᠮᠳᠠᠳᠤ ᠣᠷᠣᠨ ᠤ ᠢᠷᠭᠡᠳ ᠴᠢᠨ ᠤᠯᠤᠰ ᠤᠨ ᠦᠶ᠎ᠡ ᠠᠴᠠ ᠴᠢᠨ᠋ᠸ᠎ᠠ ᠶᠢᠨ ᠲᠣᠯᠣᠭᠠᠢ ᠶᠢᠨ ᠠᠭᠤᠯᠠ ᠭᠡᠵᠦ ᠳᠠᠭᠤᠳᠠᠳᠠᠭ᠃ ᠭᠡᠪᠡᠴᠦ ᠮᠣᠩᠭᠤᠯᠴᠤᠳ ᠡᠨᠡ ᠠᠭᠤᠯᠠ ᠪᠠᠨ ᠬᠤᠶᠠᠷ ᠪᠣᠭᠲᠠ ᠶᠢᠨ ᠠᠭᠤᠯᠠ ᠭᠡᠵᠦ ᠬᠦᠨᠳᠦᠳᠬᠡᠨ ᠨᠡᠷᠡᠯᠡᠳᠡᠭ᠃ ᠶᠠᠭ ᠢᠩᠭᠢᠵᠦ ᠠᠭᠤᠯᠠ ᠤᠰᠤ  ᠪᠠᠨ ᠬᠦᠨᠳᠦᠳᠬᠡᠵᠦ ᠨᠡᠷᠡᠯᠡᠳᠡᠭ ᠲᠠᠢ ᠠᠳᠠᠯᠢ ᠪᠠᠷ ᠤᠷᠠᠳᠨᠴᠤᠳ ᠡᠨᠡ ᠨᠤᠲᠤᠭ ᠲᠤ ᠢᠳᠡᠭᠡᠰᠢᠭᠰᠡᠨ ᠲᠠᠪᠤᠨ ᠬᠤᠰᠢᠭᠤ ᠮᠠᠯ ᠤᠨ ᠨᠢᠭᠡ ᠨᠢ ᠪᠣᠯᠬᠤ ᠢᠮᠠᠭ᠎ᠠ ᠪᠠᠨ ᠴᠤ ᠬᠤᠶᠠᠷ ᠪᠣᠭᠳᠠ ᠶᠢᠨ ᠴᠠᠭᠠᠨ ᠢᠮᠠᠭ᠎ᠠ ᠭᠡᠳᠡᠭ᠃ ᠤᠯᠤᠰ ᠳᠠᠶᠠᠭᠠᠷ ᠲᠤ ᠠᠯᠳᠠᠷ ᠲᠠᠢ ᠣᠷᠠᠳ ᠤᠨ ᠬᠤᠶᠠᠷ ᠪᠣᠭᠲᠠ ᠶᠢᠨ ᠢᠮᠠᠭ᠎ᠠ ᠪᠣᠯ ᠮᠣᠩᠭᠤᠯ ᠢᠮᠠᠭᠠᠨ ᠨᠤᠲᠤᠭ ᠤᠨ ᠤᠭᠰᠠᠭᠠᠨ ᠤ ᠢᠮᠠᠭ᠎ᠠ ᠪᠣᠯᠣᠨ᠎ᠠ᠃ ᠤᠷᠠᠳ ᠤᠨ ᠬᠤᠶᠠᠷ ᠪᠣᠭᠲᠠ ᠶᠢᠨ ᠴᠠᠭᠠᠨ ᠢᠮᠠᠭ᠎ᠠ ᠭᠡᠳᠡᠭ  ᠨᠢ‌ᠭᠠᠨᠴᠠ ᠬᠤᠶᠠᠷ ᠪᠣᠭᠲᠠ ᠬᠡᠮᠡᠬᠦ ᠭᠡᠰᠡᠭᠬᠡᠨ ᠭᠠᠵᠠᠷ ᠤᠨ ᠢᠮᠠᠭ᠎ᠠ ᠶᠢ ᠵᠢᠭᠠᠵᠤ ᠪᠠᠶᠢᠭ᠎ᠠ ᠪᠢᠰᠢ᠂ ᠬᠠᠷᠢᠨ ᠪᠣᠭᠤᠳᠤ ᠵᠢᠨ‌ᠠᠷᠤ ᠠᠭᠤᠯᠠ᠂ ᠬᠦᠨᠳᠡᠯᠡᠨ ᠭᠤᠣᠯ ᠠᠴᠠ ᠪᠠᠷᠠᠭᠤᠨᠰᠢᠬᠢ ᠮᠣᠨ᠋ᠨ ᠠᠭᠤᠯᠠ ᠠᠴᠠ ᠬᠤᠶᠠᠷ ᠪᠣᠭᠲᠠ ᠶᠢᠨ ᠠᠭᠤᠯᠠ ᠭᠥᠷᠳᠡᠯᠡᠬᠢ ᠠᠭᠤᠯᠠᠷᠬᠠᠭ ᠣᠷᠣᠨ᠂ ᠬᠤᠶᠠᠷ ᠪᠣᠭᠲᠠ ᠶᠢᠨ ᠠᠭᠤᠯᠠ ᠠᠴᠠ ᠪᠠᠷᠠᠭᠤᠨᠰᠢ ᠨᠡᠷᠡᠨ ᠠᠭᠤᠯᠠ  ᠬᠦᠷᠲᠡᠯᠡᠬᠢ ᠥᠷᠭᠡᠨ ᠠᠭᠤᠳᠠᠮ ᠠᠭᠤᠯᠠᠷᠬᠠᠭ ᠣᠷᠣᠨ ᠢ ᠪᠠᠭᠲᠠᠭᠠᠭᠰᠠᠨ ᠨᠤᠣᠯᠣᠭᠤᠷ ᠨᠢ ᠨᠠᠷᠢᠯᠢᠭ ᠣᠷᠲᠤ᠂ ᠰᠣᠷ ᠨᠢ ᠣᠷᠲᠣ ᠪᠥᠭᠡᠳ ᠣᠨᠴᠠ ᠭᠢᠯᠲᠠᠭᠠᠨᠠᠭᠰᠠᠨ ᠴᠠᠭᠠᠨ ᠦᠰᠦ ᠲᠠᠢ ᠪᠦᠳᠦᠭᠦᠨ ᠪᠡᠶ᠎ᠡ ᠲᠠᠢ ᠴᠠᠭᠠᠨ ᠢᠮᠠᠭ᠎ᠠ ᠶᠢ ᠪᠦᠭᠦᠳᠡ ᠶᠢ ᠪᠠᠭᠲᠠᠭᠠᠳᠠᠭ ᠪᠠᠶᠢᠨ᠎ᠠ᠃   ᠮᠣᠩᠭᠤᠯ ᠦᠭᠡᠨ ᠳᠠᠬᠢ ︽ᠶᠠᠭᠠᠷᠠᠪᠠᠯ ᠢᠮᠠᠭ᠎ᠠ︾ ᠭᠡᠳᠡᠭ ᠨᠢ ᠢᠮᠠᠭᠠᠨ ᠤ ᠦᠷᠡᠵᠢᠯᠲᠡ ᠨᠢ ᠬᠤᠷᠳᠣᠨ ᠪᠥᠭᠡᠳ ᠲᠣᠭᠲᠠᠪᠤᠷᠢᠲᠠᠢ᠂ ᠭᠠᠩ ᠭᠠᠴᠢᠭ  ᠲᠤ ᠳᠠᠰᠪᠤᠷᠢᠲᠡᠢ ᠶᠢ ᠵᠢᠭᠠᠵᠤ ᠬᠡᠯᠡᠭᠰᠡᠨ‌ᠦᠭᠡ ᠪᠣᠯᠣᠨ᠎ᠠ᠃ ᠢᠮᠠᠭ᠎ᠠ ᠠᠭᠤᠯᠠᠨ ᠭᠠᠵᠠᠷ ᠲᠤ ᠵᠣᠬᠢᠴᠠᠬᠤ ᠲᠤᠯᠠ ᠭᠠᠩ ᠭᠠᠴᠢᠭ ᠲᠠᠢ ᠵᠢᠯ ᠪᠣᠯᠤᠭᠰᠠᠨ ᠴᠦ ᠮᠣᠳᠣᠨ ᠤ ᠨᠡᠪᠴᠢ  ᠢᠳᠡᠵᠦ ᠠᠮᠢᠳᠤᠷᠠᠵᠤ ᠳᠡᠶᠢᠯᠳᠡᠭ ᠣᠨᠴᠠ ᠴᠢᠳᠠᠪᠤᠷᠢ ᠲᠠᠢ ᠭᠡᠷ ᠤᠨ ᠲᠡᠵᠢᠭᠡᠪᠦᠷᠢ ᠪᠣᠯᠣᠨ᠎ᠠ᠃ ᠤᠷᠠᠳᠨᠴᠤᠳ ᠣᠪᠵᠢ ᠦᠬᠡᠢ ᠬᠥᠮᠥᠨ ᠢ ᠢᠮᠠᠭ᠎ᠠ ᠰᠢᠭ᠋ ᠭᠡᠵᠦ ᠵᠦᠢᠷᠯᠡᠳᠡᠭ᠃ ᠡᠨᠡ ᠨᠢ ᠢᠮᠠᠭ᠎ᠠ ᠪᠣᠯ ᠬᠤᠨᠢ ᠲᠠᠢ ᠠᠳᠠᠯᠢ ᠨᠣᠮᠣᠬᠠᠨ ᠪᠠᠶᠢᠳᠠᠭ ᠦᠭᠡᠢ᠂ ᠢᠰᠢᠭᠡᠨ ᠠᠴᠠ ᠪᠠᠨ ᠢᠵᠢᠯᠢ  ᠲᠠᠢ ᠪᠠᠨ ᠮᠥᠷᠭᠦᠯᠳᠦᠨ ᠱᠥᠷᠭᠦᠯᠳᠦᠬᠦ᠂ ᠣᠷᠢᠯᠠᠵᠤ ᠴᠢᠷᠠᠯᠠᠨ ᠳᠤᠲᠠᠭᠠᠵᠤ᠂ ᠬᠤᠷᠢᠵᠤ ᠬᠠᠰᠢᠭᠳᠠᠳᠠᠭ ᠦᠭᠡᠢ ᠰᠡᠷᠬᠡᠭ ᠠᠮᠢᠳᠠᠨ ᠪᠣᠯᠬᠤ ᠳᠤ ᠣᠷᠣᠰᠢᠨ᠎ᠠ    ᠬᠤᠶᠠᠷ ᠪᠤᠭᠲᠠ ᠶᠢᠨ ᠴᠠᠭᠠᠨ ᠢᠮᠠᠭ᠎ᠠ ᠶᠢᠨ ᠥᠩᠭᠡ ᠨᠢ ᠴᠣᠯ ᠴᠠᠭᠠᠨ᠂ ᠨᠢᠳᠦ ᠨᠢ ᠶᠡᠭᠡ ᠪᠥᠭᠡᠳ ᠴᠤᠭ ᠲᠠᠢ᠂ ᠬᠤᠩᠰᠢᠶᠠᠷ ᠨᠢ ᠰᠢᠯᠤᠭᠤᠬᠠᠨ᠂ ᠳᠥᠷᠪᠡᠨ ᠮᠥᠴᠢ ᠨᠢ ᠡᠭᠴᠡ ᠬᠦᠴᠦᠲᠡᠢ᠂ ᠵᠣ ᠨᠢᠷᠤᠭᠤ ᠨᠢ ᠲᠡᠭᠰᠢ ᠴᠡᠭᠡᠵᠢᠳᠡᠭᠦᠦ ᠭᠡᠳᠡᠰᠦ ᠲᠠᠢ᠂ ᠲᠤᠭᠤᠷᠠᠢ ᠰᠠᠯᠠᠭ᠎ᠠ ᠨᠢ ᠴᠢᠩᠭ᠎ᠠ ᠪᠦᠬᠦᠢ ᠥᠪᠡᠷᠮᠢᠴᠡ ᠣᠨᠴᠠᠯᠢᠭ ᠲᠠᠢ ᠪᠠᠶᠢᠳᠠᠭ ᠬᠤᠶᠠᠷ ᠪᠣᠭᠲᠠ ᠶᠢᠨ ᠴᠠᠭᠠᠨ ᠢᠮᠠᠭ᠎ᠠ ᠶᠢ ᠨᠠᠷᠢᠨ ᠤᠷᠲᠤ ᠨᠣᠣᠰᠣ ᠲᠠᠢ ᠴᠠᠭᠠᠨ ᠢᠮᠠᠭ᠎ᠠ᠂ ᠪᠦᠳᠦᠭᠦᠨ ᠨᠣᠣᠰᠣ  ᠲᠠᠢ ᠴᠠᠭᠠᠨ ᠢᠮᠠᠭ᠎ᠠ ᠭᠡᠵᠦ ᠬᠤᠶᠠᠷ ᠵᠦᠢᠯ ᠢᠶᠠᠷ ᠬᠤᠪᠢᠶᠠᠳᠠᠭ᠃ ᠡᠭᠦᠨ ᠳᠤ ᠨᠠᠷᠢᠨ ᠤᠷᠲᠤ ᠨᠣᠣᠰᠣ ᠲᠠᠢ ᠴᠠᠭᠠᠨ ᠢᠮᠠᠭ᠎ᠠ ᠨᠢ ᠬᠤᠶᠠᠷ ᠪᠤᠭᠲᠠ ᠶᠢᠨ ᠴᠢᠨᠠᠷ ᠰᠠᠶᠢᠲᠠᠢ ᠢᠮᠠᠭᠠᠨ ᠤ ᠪᠠᠨ ᠣᠭ ᠴᠢᠨᠠᠷ ᠢ ᠬᠠᠳᠠᠭᠠᠯᠠᠵᠤ᠂ ᠪᠦᠳᠦᠭᠦᠨ ᠤᠷᠲᠤ ᠨᠣᠣᠰᠣ ᠲᠠᠢ ᠴᠠᠭᠠᠨ ᠢᠮᠠᠭ᠎ᠠ ᠨᠢ ᠤᠭ ᠴᠢᠨᠠᠷ ᠢᠶᠠᠨ ᠠᠯᠳᠠᠵᠤ ᠪᠠᠶᠢᠬᠤ ᠢᠮᠠᠭ᠎ᠠ ᠪᠣᠯᠣᠨ᠎ᠠ᠃   ᠬᠤᠶᠠᠷ ᠪᠣᠭᠲᠠ ᠶᠢᠨ ᠴᠠᠭᠠᠨ ᠢᠮᠠᠭᠠᠨ ᠤ ᠨᠣᠣᠰᠣ ᠨᠣᠣᠯᠣᠭᠤᠷ ᠨᠢ ᠠᠷᠪᠢᠨ ᠮᠥᠷᠲᠡᠭᠡᠨ ᠴᠢᠨᠠᠷᠯᠢᠭ᠂ ᠰᠣᠷ ᠨᠢ ᠤᠷᠲᠤ ᠪᠠᠶᠢᠳᠠᠭ᠃ ᠬᠤᠶᠠᠷ ᠪᠣᠭᠲᠠ‌‍ᠶᠢᠨ ᠴᠠᠭᠠᠨ ᠢᠮᠠᠭ᠎ᠠ ᠰᠦ ᠰᠠᠶᠢᠲᠠᠢ ᠪᠠᠶᠢᠵᠤ᠂5 ᠰᠠᠷ᠎ᠠ ᠠᠴᠠ 7 ᠰᠠᠷ᠎ᠠ ᠶᠢᠨ ᠦᠶ᠎ᠡ ᠪᠠᠷ ᠰᠦ ᠨᠢ ᠬᠠᠮᠤᠭ ᠤᠨ ᠠᠷᠪᠢᠨ ᠪᠠᠶᠢᠳᠠᠭ᠃ ᠬᠤᠶᠠᠷ ᠪᠣᠭᠲᠠ ᠶᠢᠨ ᠴᠠᠭᠠᠨ ᠢᠮᠠᠭ᠎ᠠ ᠨᠢ ᠠᠭᠤᠯᠠᠷᠬᠠᠭ ᠭᠠᠵᠠᠷ ᠪᠠᠶᠢᠳᠠᠭ ᠠᠴᠠ ᠲᠡᠩᠵᠢᠨ ᠴᠣᠪᠣᠭᠤ᠂ ᠠᠭᠤᠯᠠ ᠬᠠᠳᠠᠨ ᠳᠤ ᠴᠢᠳᠠᠮᠠᠭᠠᠢ ᠶᠠᠪᠤᠵᠤ᠂ ᠡᠪᠡᠰᠦᠨ ᠤ ᠰᠠᠶᠢᠨ ᠢ ᠢᠳᠡᠵᠦ᠂ ᠤᠰᠤᠨ ᠤ ᠲᠤᠩᠭᠠᠯᠠᠭ ᠢ ᠤᠤᠭᠤᠨ᠂ ᠬᠠᠶᠢᠯᠠᠰᠤ ᠠᠭᠠᠷᠤ ᠵᠡᠷᠭᠡ ᠮᠣᠳᠣᠨ ᠨᠡᠪᠴᠢ ᠶᠢ ᠢᠳᠡᠵᠦ᠂ ᠠᠭᠤᠯᠠᠨ ᠬᠥᠨᠳᠡᠢ ᠶᠢᠨ ᠡᠪᠡᠰᠦᠨ ᠡᠮ ᠢ ᠴᠦ ᠲᠡᠭᠦᠵᠦ ᠢᠳᠡᠳᠡᠭ ᠠᠴᠠ ᠮᠢᠬ᠎ᠠ ᠨᠢ ᠲᠣᠩ  ᠱᠦᠯᠦᠷᠬᠡᠣ ᠠᠮᠲᠠᠲᠠᠢ ᠪᠠᠶᠢᠳᠠᠭ ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ