ᠠᠳᠤᠭᠤᠨ ᠤ  ᠲᠠᠮᠠᠭ᠎ᠠ
ᠨᠡᠶᠢᠲᠡᠯᠡᠭᠰᠡᠨ ᠴᠠᠭ᠄
2023/12/6
   ᠮᠣᠩᠭᠤᠯ ᠠᠷᠠᠳ ᠤᠨ ᠵᠦᠢᠷ ᠰᠡᠴᠡᠨ ᠦᠬᠡᠨ ᠳᠤ  ︽ᠠᠯᠲᠠ ᠪᠡᠶ᠎ᠡ ᠳᠤ ᠠᠮᠠ ᠭᠡᠷᠡᠴᠢ᠂ ᠠᠭᠲᠠ ᠮᠣᠷᠢᠨ  ᠳᠤ ᠳᠠᠮᠠᠭ᠎ᠠ ᠭᠡᠷᠡᠴᠢ︾ ᠭᠡᠳᠡᠭ᠃ ᠠᠳᠤᠭᠤ ᠪᠠᠨ ᠳᠠᠮᠠᠭᠠᠯᠠᠬᠤ ᠪᠣᠯ ᠤᠷᠠᠳ ᠮᠣᠩᠭᠤᠯᠴᠤᠳ ᠤᠨ ᠠᠳᠤᠭᠤ ᠪᠠᠨ ᠦᠩᠭᠡ ᠵᠢᠰᠦ ᠪᠠᠷ ᠨᠢ ᠵᠢᠰᠦᠯᠡᠵᠦ ᠲᠠᠨᠢᠬᠤ ᠠᠴᠠ ᠭᠠᠳᠠᠨ᠎ᠠ ᠪᠠᠰᠠ ᠨᠢᠭᠡ ᠵᠦᠢᠯ ᠤᠨ ᠪᠤᠰᠤᠳ ᠤᠨ ᠬᠢ ᠪᠠ ᠥᠪᠡᠷ ᠤᠨ ᠠᠳᠤᠭᠤ ᠪᠠᠨ ᠪᠠᠲᠤᠯᠠᠭ᠎ᠠ ᠲᠠᠢ ᠢᠯᠭᠠᠵᠤ ᠲᠠᠨᠢᠬᠤ ᠰᠠᠶᠢᠨ ᠠᠷᠭ᠎ᠠ ᠪᠣᠯᠣᠨ᠎ᠠ᠃ ᠬᠥᠮᠥᠰ ᠠᠳᠤᠭᠤᠨ ᠤ ᠲᠠᠮᠠᠭ᠎ᠠ ᠲᠡᠮᠳᠡᠭ ᠢ ᠦᠵᠡᠭᠡᠳ ᠡᠨᠡ ᠬᠦ ᠠᠳᠤᠭᠤ ᠨᠢ ᠴᠣᠬᠤᠮ ᠠᠯᠢ ᠭᠠᠵᠠᠷ ᠤᠨ ᠬᠡᠨ ᠤ ᠰᠦᠷᠦᠭ ᠤᠨ ᠪᠣᠯᠬᠤ ᠶᠢ ᠮᠡᠳᠡᠳᠡᠭ ᠶᠤᠮ᠃ ᠡᠶᠢᠮᠦ ᠠᠴᠠ ᠠᠳᠤᠭᠤᠨ ᠤ ᠳᠠᠮᠠᠭ᠎ᠠ ᠨᠢ ᠴᠦ ᠪᠠᠭ᠎ᠠ ᠮᠠᠯ ᠤᠨ  ︵ᠬᠤᠨᠢ ᠢᠮᠠᠭᠠᠨ ᠤ ︶  ᠢᠮ ᠳᠠᠮᠠᠭ᠎ᠠ ᠪᠠ ᠬᠡᠭᠡᠰᠦ ᠲᠠᠢ ᠨᠢᠭᠡᠨ ᠠᠳᠠᠯᠢ ᠴᠢᠬᠤᠯᠠ ᠬᠡᠷᠡᠭᠴᠡᠭᠡ ᠲᠠᠢ ᠪᠠᠶᠢᠳᠠᠭ᠃ ᠮᠣᠩᠭᠤᠯᠴᠤᠳ ᠠᠳᠤᠭᠤ ᠮᠠᠯ ᠢᠶᠠᠨ ᠭᠡᠭᠡᠵᠦ ᠠᠯᠳᠠᠪᠠᠯ ᠠᠳᠤᠭᠤᠨ ᠤ ᠥᠩᠭᠡ ᠵᠢᠰᠦᠮ᠂ ᠳᠠᠮᠠᠭ᠎ᠠ ᠲᠡᠮᠳᠡᠭ ᠢᠶᠠᠷ ᠬᠤᠯᠠ ᠣᠶᠢᠷ᠎ᠠ ᠡᠷᠢᠯ ᠰᠤᠷᠠᠭ ᠲᠠᠯᠪᠢᠵᠤ ᠪᠠᠶᠢᠭᠠᠳ ᠠᠯᠳᠠᠭᠰᠠᠨ ᠮᠠᠯ ᠢᠶᠠᠨ ᠣᠯᠵᠤ ᠠᠪᠤᠳᠠᠭ ᠶᠤᠮ᠃

01.png

02.png

03.png

   ᠤᠷᠠᠳ ᠨᠤᠲᠤᠭ‌‍ᠤᠨ ᠵᠠᠷᠢᠮ ᠭᠠᠵᠠᠷ ᠠᠳᠤᠭᠤ ᠳᠠᠮᠠᠭᠠᠯᠠᠬᠤ ᠳᠤ ︽ᠠᠯᠪᠠᠨ ᠤ ᠠᠳᠤᠭᠤ ᠶᠢ〈ᠵᠥᠪ〉ᠲᠠᠯ᠎ᠠ ᠶᠢᠨ ᠲᠠᠰᠢᠶᠠᠨ ᠳᠡᠭᠡᠷ᠎ᠡ ᠳᠠᠷᠤᠵᠤ᠂

ᠬᠤᠪᠢᠨ ᠤ ᠠᠳᠤᠭᠤ ᠶᠢ〈 ᠪᠤᠷᠤᠭᠤ 〉 ᠲᠠᠯ᠎ᠠ ᠶᠢᠨ ᠲᠠᠰᠢᠶᠠᠨ ᠳᠡᠭᠡᠷ᠎ᠡ ᠨᠢ ᠳᠠᠷᠤᠨ᠎ᠠ︾ ᠭᠡᠳᠡᠭ ᠬᠡᠯᠡᠯᠭᠡ ᠪᠠᠶᠢᠳᠠᠭ ᠪᠣᠯᠪᠠᠴᠤ ᠪᠠᠷᠤᠭ ᠪᠦᠷ  ︽ᠵᠥᠪ

︾ ᠲᠠᠯ᠎ᠠ ᠶᠢᠨ ᠭᠤᠶ᠎ᠠ  ︵ᠲᠠᠰᠢᠶᠠᠨ︶ ᠳᠡᠭᠡᠷ᠎ᠡ ᠨᠢ ᠳᠠᠷᠤᠳᠠᠭ᠃ ᠣᠨᠴᠠᠭᠠᠢ ᠪᠠᠶᠢᠳᠠᠯ ᠳᠣᠣᠷ᠎ᠠ  ︽ᠪᠣᠷᠤᠭᠤ︾ ᠲᠠᠯ᠎ᠠ ᠶᠢᠨ ᠭᠤᠶ᠎ᠠ ︵ᠲᠠᠰᠢᠶᠠᠨ︶

ᠳᠡᠭᠡᠷ᠎ᠡ ᠨᠢ ᠳᠠᠮᠠᠭᠠᠯᠠᠳᠠᠭ ᠪᠣᠯᠪᠠᠴᠤ ᠲᠣᠩ ᠴᠥᠭᠡᠨ ᠶᠤᠮ᠃ ᠤᠷᠠᠳ ᠮᠣᠩᠭᠤᠯᠴᠤᠳ ᠠᠳᠤᠭᠤᠨ ᠤ ᠳᠠᠮᠠᠭ᠎ᠠ ᠶᠢ ︽ᠵᠥᠪ ︾ ᠲᠠᠯ᠎ᠠ ᠳᠤᠨᠢ ᠳᠠᠷᠤᠳᠠᠭ

 ᠨᠢ ᠨᠠᠷᠠ ᠵᠥᠪ ᠢᠶᠠᠷ ᠡᠷᠭᠢᠬᠦ ᠶᠣᠰᠣ ᠶᠢ ᠳᠡᠭᠡᠳᠦᠯᠡᠵᠦ᠂ ︽ᠵᠥᠪ ︾ ᠲᠠᠯ᠎ᠠ ᠪᠡᠯᠬᠡᠲᠡᠢ ᠭᠡᠵᠦ ᠦᠵᠡᠳᠡᠭ ᠠᠴᠠ ᠪᠣᠯᠤᠭᠰᠠᠨ ᠶᠤᠮ᠃ ᠪᠠᠰᠠ ᠨᠢᠭᠡ

ᠤᠴᠢᠷ ᠪᠣᠯ ᠠᠳᠤᠭᠤ ᠮᠠᠯ ᠤᠨ  ︽ᠵᠥᠪ︾ ᠲᠠᠯ᠎ᠠ ᠳᠤᠨᠢ ᠳᠠᠮᠠᠭᠠᠯᠠᠳᠠᠭ ᠪᠣᠯ ᠮᠠᠨ ᠤ ᠮᠣᠩᠭᠤᠯ ᠦᠨᠳᠦᠰᠦᠲᠡᠨ ᠤ ᠮᠣᠷᠢ ᠮᠠᠯ ᠢ ᠣᠨᠣᠵᠤ ᠡᠳ᠋ᠯᠡᠬᠦ ᠵᠠᠩ

ᠳᠠᠳᠬᠠᠯ ᠲᠠᠢ ᠰᠢᠭᠤᠳ ᠬᠤᠯᠪᠣᠭ᠎ᠠ ᠲᠠᠢ ᠶᠤᠮ᠃ ᠮᠣᠩᠭᠤᠯᠴᠤᠳ ᠶᠡᠷᠦ ᠨᠢ ᠠᠳᠤᠭᠤ ᠮᠠᠯ ᠢ ᠬᠡᠵᠢᠶᠡᠳᠡ ︽ᠵᠥᠪ︾ ᠲᠠᠯ᠎ᠠ ᠠᠴᠠ ᠨᠢ ᠣᠴᠢᠵᠤ

ᠪᠠᠷᠢᠵᠤ ᠲᠠᠯᠪᠢᠬᠤ ᠪᠠ ᠣᠨᠤᠵᠤ ᠪᠠᠭᠤᠳᠠᠭ ᠲᠤᠯᠠ᠂ ᠠᠳᠤᠭᠤ ᠮᠠᠯ ᠨᠢ ᠴᠤ ᠬᠥᠮᠥᠨ ᠢ ᠪᠠᠷᠤᠭ ᠲᠠᠭᠠᠨ  ︽ᠪᠣᠷᠤᠭᠤ︾ ᠲᠠᠯ᠎ᠠ ᠠᠴᠠ ᠨᠢ ᠪᠡᠶ᠎ᠡ ᠳᠡᠭᠡᠨ

ᠣᠶᠢᠷᠠᠲᠤᠭᠤᠯᠳᠠᠭ ᠦᠭᠡᠢ ᠶᠤᠮ᠃ ᠠᠳᠤᠭᠤᠨ ᠤ ᠬᠠ ᠳᠡᠭᠡᠷ᠎ᠡ ᠨᠢ ᠳᠠᠮᠠᠭᠠᠯᠠᠳᠠᠭ ᠦᠭᠡᠢ᠂ ᠤᠴᠢᠷ ᠨᠢ ᠬᠠ  ᠳᠡᠭᠡᠷ᠎ᠡ ᠨᠢ ᠰᠤᠳᠠᠯ ᠰᠢᠷᠪᠦᠰᠦ ᠠᠷᠪᠢᠨ 

᠂ ᠵᠢᠷᠦᠬᠡ ᠭᠤᠣᠯ ᠵᠡᠷᠭᠡ ᠲᠠᠪᠤᠨ ᠴᠣᠯᠣ ᠠᠴᠠ ᠣᠶᠢᠷᠠᠬᠠᠨ᠂ ᠮᠢᠬ᠎ᠠ ᠨᠢᠮᠭᠡᠨ᠂ ᠬᠡᠷᠪᠡ ᠰᠢᠷᠬ᠎ᠠ ᠰᠤᠷᠪᠢ ᠨᠢ ᠣᠷᠥᠵᠦ ᠬᠤᠪᠢᠯᠪᠠᠯ ᠠᠮᠢ ᠨᠠᠰᠤᠨ ᠳᠤᠨᠢ

ᠠᠶᠤᠯ ᠲᠠᠢ ᠭᠡᠳ ᠪᠠᠷᠤᠭ ᠲᠠᠭᠠᠨ ᠳᠠᠷᠤᠳᠠᠭ ᠦᠭᠡᠢ᠃ ᠭᠡᠪᠡᠴᠦ ᠣᠯᠠᠨ ᠬᠥᠮᠥᠨ ᠤ ᠭᠠᠷ ᠳᠠᠮᠵᠢᠭᠰᠠᠨ ᠠᠳᠤᠭᠤ ᠶᠢ ᠬᠠᠶᠠ ᠪᠠᠰᠠ ᠬᠨ ᠳᠡᠭᠡᠷ᠎ᠡ ᠨᠢ

ᠳᠠᠮᠠᠭᠠᠯᠠᠳᠠᠭ ᠶᠠᠪᠤᠳᠠᠯ ᠪᠠᠶᠢᠳᠠᠭ᠂ ᠭᠡᠬᠦ ᠳᠡᠭᠡᠨ ᠳᠠᠮᠠᠭ᠎ᠠ ᠪᠠᠨ ᠳᠠᠷᠤᠬᠤ ᠳᠠᠭᠠᠨ ᠬᠥᠩᠭᠡᠨ ᠳᠠᠷᠤᠳᠠᠭ᠃

     — ᠢᠷᠠᠯᠲᠠ᠄  ︽ᠤᠷᠠᠳ ᠠᠷᠠᠳ ᠤᠨ ᠵᠠᠩ ᠦᠢᠯᠡ︾  ᠨᠤᠮ ᠠᠴᠠ

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ