ᠮᠤᠩᠭᠤᠯ ᠡᠮᠴᠢ ᠶᠢᠨ ᠶᠠᠰᠤ ᠪᠠᠷᠢᠶᠠᠴᠢ ᠶᠢᠨ ᠲᠤᠬᠠᠢ ᠶᠢᠰᠤᠨ ᠵᠦᠢᠯ
ᠨᠡᠶᠢᠲᠡᠯᠡᠭᠰᠡᠨ ᠴᠠᠭ᠄
2023/12/5
      ᠦᠩᠭᠡᠷᠡᠭᠰᠡᠨ ᠳᠤ ᠤᠷᠠᠳ ᠨᠤᠳᠤᠭ ᠲᠤ ᠨᠤᠳᠤᠭ ᠤᠨ ᠤᠯᠠᠮᠵᠢᠯᠠᠯᠳᠤ ᠶᠠᠰᠤ ᠪᠠᠷᠢᠭᠴᠢ ᠨᠡᠯᠢᠶᠡᠳ ᠠᠷᠪᠢᠨ ᠪᠠᠶᠢᠭᠰᠠᠨ ᠪᠦᠭᠡᠳ ᠲᠡᠲᠡ ᠶᠠᠰᠦ ᠬᠤᠭᠤᠷᠠᠭᠰᠠᠨ ᠡᠪᠡᠳᠴᠢᠲᠡᠨ ᠢ ᠪᠠᠳᠤᠯᠠᠨ ᠲᠠᠭᠠᠭᠠᠵᠤ ᠬᠤᠭᠤᠷᠠᠭᠰᠠᠨ ᠶᠠᠰᠤ ᠶᠢ ᠪᠠᠷᠢᠨ ᠵᠠᠯᠭᠠᠵᠤ᠂ ᠡᠯᠳᠡᠪ ᠠᠳᠡᠭᠳᠡᠯ ᠠᠴᠠ ᠪᠤᠯᠵᠤ ᠶᠠᠰᠤ ᠪᠠᠨ ᠬᠤᠭᠤᠯᠵᠤ ᠵᠡᠮᠳᠡᠭ ᠪᠤᠯᠬᠤ ᠪᠠᠶᠢᠭᠰᠠᠨ ᠪᠠ ᠴᠢᠨᠠᠭᠰᠢᠯᠠᠪᠠᠯ ᠠᠮᠢ ᠨᠠᠰᠤ ᠪᠠᠨ ᠠᠯᠳᠠᠮᠠᠷ ᠪᠠᠶᠢᠭᠰᠠᠨ ᠡᠪᠡᠳᠴᠢᠲᠡᠨ ᠢ ᠲᠤᠩ ᠤᠯᠠᠨ ᠠᠪᠤᠷᠠᠨ ᠲᠡᠩᠬᠡᠷᠡᠬᠦᠯᠦᠭᠰᠡᠨ ᠦᠪ ᠦᠨᠡᠨ ᠬᠡᠷᠡᠭ ᠤᠴᠢᠷ ᠭᠠᠵᠠᠷ ᠪᠤᠯᠭᠠᠨ ᠳᠤ ᠤᠯᠠᠮᠵᠢᠯᠠᠭᠳᠠᠨ ᠲᠠᠭᠤᠷᠢᠰᠴᠤ ᠪᠠᠶᠢᠪᠠ᠃      ᠤᠷᠴᠢᠨ ᠦᠶ᠎ᠡ ᠶᠢᠨ ᠨᠡᠷᠡᠳᠦ ᠶᠠᠰᠤ ᠪᠠᠷᠢᠭᠴᠢ ᠲᠤᠤᠬᠠᠢ ᠭᠤᠸᠠᠢ ᠠᠴᠠ ᠲᠡᠷᠢᠬᠦᠯᠡᠨ ᠬᠡᠳᠦᠨ ᠠᠷᠪᠠᠨ ᠪᠠᠷᠢᠶᠠᠴᠢᠳ ᠠᠵᠢᠯᠯᠠᠵᠤ ᠶᠠᠪᠤᠭ᠎ᠠ ᠪᠤᠢ᠃ ᠲᠡᠲᠡ ᠴᠦᠮ ᠤᠷᠠᠳ ᠤᠨ ᠲᠡᠤᠬᠡᠳᠦ ᠶᠠᠰᠤ ᠪᠠᠷᠢᠭᠴᠢ ᠶᠢᠨ ᠲᠤᠳᠤᠷᠠᠭᠤᠯᠤᠯᠲᠠ ᠠᠷᠭ᠎ᠠ ᠡᠷᠳᠡᠮ ᠢ ᠤᠯᠠᠮᠵᠢᠯᠠᠨ ᠠᠪᠴᠤ ᠲᠡᠲᠡᠨ ᠤ ᠪᠠᠭᠠᠵᠢ ᠬᠡᠷᠡᠭᠰᠡᠯ ᠨᠢ ᠲᠤᠩ ᠲᠦᠲᠡ ᠪᠠᠶᠢᠭᠰᠠᠨ ᠴᠦ ᠡᠪᠡᠳᠴᠢᠲᠡᠨ ᠤ ᠠᠯᠢ ᠬᠡᠰᠡᠭ ᠤᠨ ᠶᠠᠰᠤ ᠨᠢ ᠶᠠᠮᠠᠷ ᠬᠡᠮᠵᠢᠶ᠎ᠡ ᠪᠠᠷ ᠶᠠᠭᠠᠬᠢᠵᠤ ᠬᠤᠭᠤᠷᠠᠭᠰᠠᠨ ᠢ X ᠲᠤᠳᠤᠷᠠᠭᠤᠯᠤᠯᠲᠠ ᠶᠢ ᠬᠡᠷᠡᠭᠯᠡᠬᠦ ᠦᠭᠡᠢ ᠪᠠᠷ ᠵᠦᠪ ᠤᠨᠤᠪᠴᠢᠲᠠᠢ ᠰᠢᠨᠵᠢᠯᠡᠨ ᠮᠡᠳᠡᠳᠡᠭ ᠪᠦᠭᠡᠳ ᠬᠤᠭᠤᠷᠠᠭᠰᠠᠨ ᠶᠠᠰᠤ ᠶᠢ ᠨᠢᠭᠤᠴᠠ᠂ ᠤᠶᠤᠨ ᠮᠡᠷᠭᠡᠵᠢᠯ ᠪᠠ ᠤᠷᠠᠨ ᠭᠠᠷ ᠤᠨ ᠲᠠᠮ ᠡᠷᠳᠡᠮ ᠢᠶᠠᠷ ᠢᠶᠠᠨ ᠡᠮᠴᠢᠯᠡᠨ ᠵᠠᠯᠭᠠᠵᠤ ᠪᠠᠶᠢᠭ᠎ᠠ ᠨᠢ ᠡᠮᠨᠡᠯᠭᠡ ᠶᠢᠨ ᠡᠷᠳᠡᠮᠳᠡᠳ ᠤᠨ ᠪᠢᠰᠢᠷᠡᠯ ᠢ ᠤᠯᠤᠨ᠎ᠠ᠃      1᠂ ᠤᠯᠠᠮᠵᠢᠯᠠᠯᠳᠤ ᠶᠠᠰᠤ ᠪᠠᠷᠢᠬᠤ ᠤᠨᠴᠠᠯᠢᠭ ᠵᠢᠷᠤᠮ     ᠮᠤᠩᠭᠤᠯ ᠦᠨᠳᠦᠰᠦᠲᠡᠨ ᠤ ᠪᠠᠷᠢᠶᠠᠴᠢ ᠶᠢᠨ ᠡᠷᠳᠡ ᠲᠡᠭᠡᠳᠦᠰ ᠪᠣᠯ ᠪᠠᠯᠠᠷ ᠡᠷᠲᠡᠨ ᠤ ᠮᠤᠩᠭᠤᠯᠴᠤᠳ ᠤᠨ ᠱᠠᠰᠢᠨ — — ᠢᠳᠤᠭᠠᠨ᠂ ᠪᠦᠬᠡ ᠪᠤᠯᠤᠨ᠎ᠠ᠃ ᠡᠨᠡ ᠨᠢ ᠮᠥᠨ ᠴᠦ ᠲᠤᠬᠠᠢ ᠶᠢᠨ ᠦᠶ᠎ᠡ ᠶᠢᠨ ᠠᠷᠠᠳ ᠤᠨ ᠲᠤᠮᠳᠠᠬᠢ ᠡᠮᠴᠢ ᠮᠥᠨ᠃      ᠤᠯᠠᠮᠵᠢᠯᠠᠯᠳᠤ ᠶᠠᠰᠤ ᠵᠠᠰᠠᠯ ᠪᠣᠯ ᠨᠦᠬᠦᠴᠡᠯ ᠳᠤ ᠬᠢᠵᠠᠭᠠᠷᠯᠠᠭᠳᠠᠬᠤ ᠦᠭᠡᠢ᠂ ᠬᠤᠲᠠ ᠬᠦᠳᠡᠭᠡ᠂ ᠭᠡᠷ ᠭᠠᠳᠠᠨ᠎ᠠ ᠬᠡᠵᠤ ᠢᠯᠭᠠᠯ ᠦᠭᠡᠢ ᠶᠠᠰᠤᠨ ᠤ ᠬᠤᠭᠤᠷᠠᠯᠲᠠ ᠪᠤᠯᠭᠠᠨ ᠳᠤ ᠵᠠᠰᠠᠯ ᠬᠢᠵᠤ ᠪᠤᠯᠳᠠᠭ᠃ ᠬᠡᠷᠡᠭᠰᠡᠯ ᠨᠢ ᠲᠦᠬᠦᠮ᠂ ᠰᠦᠢᠳᠭᠡᠯ ᠮᠦᠩᠭᠦ ᠬᠡᠵᠤ ᠠᠪᠳᠠᠭ ᠦᠭᠡᠢ᠂ ᠡᠪᠡᠳᠴᠢᠲᠡᠨ ᠳᠤ ᠵᠤᠪᠠᠭᠤᠷᠢ ᠪᠠᠭ᠎ᠠ᠂ ᠲᠠᠷᠤᠭᠠᠰᠤ ᠬᠦᠩᠬᠡᠨ᠂ ᠶᠠᠰᠤᠨ ᠤ ᠡᠳᠡᠭᠡᠷᠡᠯᠲᠡ ᠨᠢ ᠬᠤᠷᠳᠤᠨ᠂ ᠪᠤᠰᠤᠳ ᠡᠪᠡᠳᠴᠢᠨ ᠲᠠᠪᠬᠤᠴᠠᠬᠤ ᠶᠢ ᠰᠡᠷᠭᠡᠶᠢᠯᠡᠵᠤ᠂ ᠬᠡᠮᠳᠦᠭᠰᠡᠨ ᠮᠦᠴᠢ ᠶᠢᠨ ᠠᠵᠢᠯᠯᠠᠭ᠎ᠠ ᠶᠢᠨ ᠰᠡᠷᠭᠦᠯᠲᠡ ᠨᠢ ᠲᠦᠷᠭᠡᠨ ᠵᠡᠷᠭᠡ ᠤᠨᠴᠠᠯᠢᠭ ᠲᠠᠢ ᠪᠢᠯᠡ᠃      ᠪᠠᠶᠢᠴᠠᠭᠠᠬᠤ ᠠᠷᠭ᠎ᠠ ᠨᠢ ᠨᠢᠳᠦ ᠪᠠᠷ ᠦᠵᠡᠬᠦ ᠭᠠᠷ ᠢᠶᠠᠷ ᠲᠡᠮᠳᠡᠷᠢᠬᠦ᠂ ᠶᠠᠰᠤᠨ ᠤ ᠪᠦᠳᠦᠴᠡ ᠶᠢ ᠲᠤᠳᠤᠷ᠎ᠠ ᠪᠠᠨ ᠰᠡᠳᠬᠢᠨ ᠰᠢᠨᠵᠢᠯᠡᠬᠦ ᠪᠠᠷ ᠭᠤᠤᠯ ᠪᠤᠯᠭᠠᠨ ᠬᠡᠮᠳᠦᠭᠰᠡᠨ ᠬᠡᠰᠡᠭ᠂ ᠬᠤᠭᠤᠷᠠᠭᠰᠠᠨ ᠬᠡᠯᠪᠡᠷᠢ᠂ ᠪᠠᠶᠢᠷᠢ ᠰᠢᠯᠵᠢᠭᠰᠡᠨ ᠬᠡᠮᠵᠢᠶ᠎ᠡ ᠳᠤ ᠨᠢ ᠲᠤᠬᠢᠷᠠᠭᠤᠯᠤᠨ ᠠᠮᠢᠳᠤᠯᠢᠭ ᠢᠶᠠᠷ ᠶᠠᠰᠤ ᠪᠠᠷᠢᠳᠠᠭ ᠪᠤᠯᠬᠤᠷ ᠬᠤᠭᠤᠷᠠᠭᠰᠠᠨ ᠶᠠᠰᠤᠨ ᠤ ᠬᠤᠶᠠᠷ ᠦᠵᠦᠬᠦᠷ ᠨᠢ ᠠᠮᠠᠷᠬᠠᠨ ᠨᠡᠶᠢᠯᠡᠬᠦ ᠪᠦᠬᠡᠳ ᠲᠤᠭᠲᠠᠪᠤᠷᠢᠲᠠᠢ ᠪᠤᠯᠳᠠᠭ᠃ ᠡᠬᠦᠨ ᠳᠤ ᠬᠤᠭᠤᠷᠠᠯ ᠢ ᠪᠠᠬᠢᠯᠡᠬᠦ ᠳᠤ ᠪᠠᠨ ᠴᠤᠬᠤᠢ ᠪᠤᠯᠤᠨ ᠬᠠᠪᠳᠠᠰᠤ ᠶᠢ ᠴᠦ ᠬᠡᠷᠡᠭᠯᠡᠳᠡᠭ ᠦᠭᠡᠢ᠂ ᠬᠠᠷᠢᠨ ᠬᠠᠷᠢᠮᠠᠬᠠᠢ ᠬᠠᠭᠤᠷᠠᠢ ᠬᠦᠩᠬᠡᠨ ᠪᠦᠭᠡᠳ ᠪᠠᠬᠢᠯᠢᠭ᠌ ᠴᠢᠨᠠᠷ ᠪᠦᠬᠦᠢ ᠨᠠᠷᠠᠰᠤᠨ ᠮᠤᠳᠤ᠂ ᠤᠳᠠ ᠮᠤᠳᠤ᠂ ᠦᠭᠡᠷ ᠤᠨ ᠠᠷᠠᠰᠤ᠂ ᠦᠬᠡᠷ ᠤᠨ ᠪᠠ ᠲᠡᠮᠡᠭᠡᠨ ᠤ ᠶᠠᠰᠤ ᠵᠡᠷᠭᠡ ᠶᠢᠨ ᠮᠠᠲ᠋ᠧᠷᠢᠶᠠᠯ ᠢᠶᠠᠷ ᠵᠤᠬᠢᠶᠠᠭᠰᠠᠨ ᠵᠢᠵᠢᠭ ᠬᠠᠪᠢᠰᠤ ᠶᠢ ᠬᠡᠷᠡᠭᠯᠡᠳᠡᠭ ᠪᠤᠯᠬᠤᠷ ᠬᠡᠷᠡᠭᠰᠡᠯ ᠨᠢ ᠲᠦᠬᠦᠮ᠂ ᠰᠦᠢᠳᠭᠡᠯ ᠨᠢ ᠪᠠᠭ᠎ᠠ ᠪᠠᠶᠢᠳᠠᠭ ᠪᠢᠯᠡ᠃      ᠶᠠᠰᠤ ᠵᠠᠰᠠᠯ ᠳᠤ ᠬᠡᠷᠡᠭᠯᠡᠬᠦ ᠵᠢᠬᠢᠷᠢᠭ ᠨᠢ ᠲᠠᠤᠯᠢ ᠪᠠ ᠢᠰᠢᠭᠡ ᠶᠢᠨ ᠨᠤᠯᠤᠤᠷ᠂ ᠨᠢᠯᠬ᠎ᠠ ᠠᠮᠢᠳᠠᠳ ᠤᠨ ᠵᠤᠯᠪᠤᠳᠠᠰᠤ᠂ ᠢᠯᠬᠢ᠂ ᠢᠰᠡᠭᠡᠢ᠂ ᠪᠦᠳᠦᠬᠦᠯᠢᠭ ᠪᠦᠰ᠂ ᠤᠷᠢᠶᠠᠯᠲᠠ ᠪᠤᠯᠤᠨ᠎ᠠ᠂ ᠡᠨᠡ ᠨᠢ ᠵᠦᠭᠡᠯᠡᠨ ᠮᠦᠷᠲᠡᠭᠡᠨ ᠲᠠᠷᠤᠬᠤ ᠬᠦᠴᠦᠨ ᠲᠠᠢ᠂ ᠠᠷᠠᠰᠤ ᠳᠤ ᠰᠡᠲᠡᠯᠲᠡ ᠪᠤᠯᠬᠤ ᠦᠭᠡᠢ᠂ ᠬᠦᠯᠦᠰᠦ ᠶᠢ ᠬᠢᠯᠪᠠᠷᠬᠠᠨ ᠰᠢᠩᠭᠡᠭᠡᠨ ᠠᠪᠴᠤ᠂ ᠰᠢᠷ᠎ᠠ ᠤᠰᠤᠨ ᠤ ᠨᠦᠭᠡ ᠪᠠᠷ ᠠᠷᠢᠬᠢ ᠨᠡᠪᠲᠡᠷᠡᠬᠦ ᠳᠤ ᠲᠦᠬᠦᠮ ᠪᠤᠯᠬᠤᠷ ᠬᠠᠪᠤᠳᠠᠷ ᠢ ᠲᠠᠷᠬᠠᠭᠠᠵᠤ ᠬᠤᠭᠤᠷᠠᠭᠰᠠᠨ ᠶᠠᠰᠤᠨ ᠤ ᠡᠳᠡᠭᠡᠷᠡᠯ ᠢ ᠲᠦᠷᠭᠡᠳᠭᠡᠬᠦ ᠳᠤ ᠴᠢᠬᠤᠯᠠ ᠦᠢᠯᠡᠳᠦᠯ ᠲᠠᠢ᠃      ᠤᠷᠢᠶᠠᠵᠤ ᠪᠤᠭᠤᠬᠤ ᠳᠤ ᠪᠠᠨ ᠭᠤᠷᠪᠠᠨ ᠴᠡᠭ ᠤᠨ ᠦᠢᠯᠡᠴᠢᠯᠡᠯ ᠤᠨ ᠬᠦᠴᠦᠨ ᠤ ᠡᠯᠧᠮᠧᠨ᠋ᠲ ᠤᠨ ᠶᠤᠰᠤ ᠶᠢ ᠦᠨᠳᠦᠰᠦᠯᠡᠯ ᠪᠤᠯᠭᠠᠵᠤ᠂ ᠲᠡᠭᠰᠢᠯᠡᠨ ᠪᠠᠷᠢᠭᠰᠠᠨ ᠶᠠᠰᠤ ᠨᠢ ᠲᠠᠬᠢᠵᠤ ᠪᠠᠶᠢᠷᠢ ᠰᠢᠯᠵᠢᠬᠦ ᠪᠠ ᠦᠨᠴᠦᠭ ᠡᠬᠦᠰᠬᠦ᠂ ᠬᠦᠳᠦ᠋ᠢᠵᠤ ᠬᠤᠳᠦ᠋ᠢᠬᠤ ᠨᠦᠬᠦᠴᠡᠯ ᠢ ᠦᠭᠡᠢ ᠪᠤᠯᠭᠠᠬᠤ ᠶᠢᠨ ᠲᠤᠰᠠ ᠳᠤ ᠰᠡᠯᠪᠡᠷᠡᠵᠤ ᠲᠠᠰᠤᠷᠠᠬᠤ ᠦᠭᠡᠢ ᠨᠠᠷᠢᠨ ᠪᠦᠰ ᠤᠶᠠᠭᠠᠰᠤ ᠭᠤᠷᠪᠠ ᠶᠢ ᠬᠡᠷᠡᠭᠯᠡᠳᠡᠭ᠃ ᠬᠤᠭᠤᠷᠠᠭᠰᠠᠨ ᠶᠠᠰᠤᠨ ᠤ ᠬᠤᠶᠠᠷ ᠲᠠᠯ᠎ᠠ ᠪᠠᠷ ᠡᠯᠡᠰᠦᠨ ᠤᠭᠤᠲᠠ ᠪᠠᠷ ᠬᠠᠰᠢᠵᠤ ᠰᠢᠬᠠᠬᠤ ᠨᠢ ᠴᠦ ᠤᠯᠠᠮᠵᠢᠯᠠᠯᠳᠤ ᠶᠠᠰᠤ ᠵᠠᠰᠠᠯ ᠤᠨ ᠦᠪᠡᠷᠮᠢᠴᠡ ᠤᠨᠴᠠᠯᠢᠭ ᠨᠢ ᠪᠤᠯᠳᠠᠭ᠃ ᠡᠨᠡᠬᠦ ᠬᠠᠰᠢᠯᠭ᠎ᠠ ᠨᠢ ᠬᠡᠷᠡᠭᠯᠡᠬᠦ ᠳᠤ ᠲᠤᠩ ᠠᠮᠢᠳᠤᠯᠢᠭ ᠪᠠᠶᠢᠳᠠᠭ᠃ ᠡᠨᠡ ᠨᠢ ᠬᠡᠮᠳᠦᠭᠰᠡᠨ ᠶᠠᠰᠤᠨ ᠤ ᠴᠢᠰᠦ᠂ ᠰᠢᠷ᠎ᠠ ᠶᠢᠨ ᠬᠠᠯᠠᠭᠤᠨ ᠢ ᠲᠠᠷᠠᠭᠠᠬᠤ ᠳᠤ ᠰᠠᠶᠢᠨ ᠪᠠ ᠡᠪᠡᠳᠬᠦ ᠶᠢ ᠨᠠᠮᠵᠢᠭᠤᠯᠵᠤ᠂ ᠬᠦᠢᠳᠡᠨ ᠵᠢᠩ᠂ ᠬᠠᠯᠠᠭᠤᠨ ᠵᠢᠩ ᠤᠨ ᠦᠢᠯᠡᠳᠦᠯ ᠢ ᠪᠦᠷᠢᠨ ᠭᠠᠷᠭᠠᠵᠤ ᠴᠢᠳᠠᠬᠤ ᠤᠨᠴᠠᠯᠢᠭ ᠲᠠᠢ᠃ ᠵᠠᠰᠠᠯ ᠬᠢᠭᠰᠡᠨ ᠠᠴᠠ ᠡᠬᠢᠯᠡᠵᠤ ᠬᠤᠭᠤᠷᠠᠭᠰᠠᠨ ᠶᠠᠰᠤᠨ ᠳᠤ ᠨᠦᠯᠦᠭᠡ ᠪᠤᠯᠬᠤ ᠦᠭᠡᠢ ᠨᠦᠬᠦᠴᠡᠯ ᠲᠤᠤᠷ᠎ᠠ᠂ ᠪᠤᠰᠤᠳ ᠮᠦᠴᠢ᠂ ᠦᠶ᠎ᠡ ᠭᠡᠰᠢᠬᠦᠦ ᠶᠢ ᠪᠦᠷ ᠠᠳᠠᠯᠢ ᠪᠤᠰᠤ ᠬᠡᠮᠵᠢᠶ᠎ᠡ ᠪᠠᠷ ᠭᠤᠷᠪᠠᠨ ᠠᠯᠬᠤᠮ ᠬᠤᠪᠢᠶᠠᠵᠤ ᠲᠠᠮᠢᠷ ᠤᠨ ᠪᠤᠯᠪᠠᠰᠤᠷᠠᠯᠲᠠ ᠶᠢ ᠬᠢᠯᠬᠡᠳᠡᠭ᠃ ᠢᠩᠬᠢᠪᠡᠯ ᠬᠡᠮᠳᠦᠭᠰᠡᠨ ᠶᠠᠰᠤᠨ ᠤ ᠡᠳᠡᠭᠡᠷᠡᠯᠲᠡ ᠶᠢ ᠰᠠᠶᠢᠵᠢᠷᠠᠭᠤᠯᠵᠤ᠂ ᠪᠤᠯᠴᠢᠩ ᠮᠢᠬ᠎ᠠ ᠪᠠ ᠦᠶ᠎ᠡ ᠭᠡᠰᠢᠬᠦᠦ ᠬᠦᠰᠢᠵᠤ ᠬᠠᠳᠠᠭᠤᠷᠠᠬᠤ᠂ ᠨᠠᠷᠢᠰᠴᠤ ᠬᠡᠮᠳᠦᠬᠦ ᠶᠢ ᠬᠦᠢᠴᠡᠳ ᠰᠡᠷᠭᠡᠶᠢᠯᠡᠵᠤ ᠴᠢᠳᠠᠨ᠎ᠠ᠃      2᠂ ᠶᠠᠰᠤᠨ ᠪᠠᠷᠢᠶᠠᠴᠢ ᠶᠢᠨ ᠪᠠᠭᠠᠵᠢ ᠬᠡᠷᠡᠭᠰᠡᠯ ᠤᠨ ᠵᠦᠢᠯ     ︵1︶ ᠲᠤᠯᠢ ︵ᠵᠡᠰ᠂ ᠬᠦᠷᠡᠯ ᠢᠶᠠᠷ ᠬᠢᠭᠰᠡᠨ ᠲᠤᠯᠢ︶ ᠪᠣᠯ ᠶᠠᠰᠤ ᠪᠠᠷᠢᠶᠠᠴᠢ ᠶᠢᠨ ᠢᠯᠢᠵᠤ ᠱᠦᠷᠬᠦᠭᠡᠬᠦ ᠡᠳ᠋ᠯᠡᠯ ᠪᠤᠯᠤᠨ᠎ᠠ᠃ ᠵᠠᠰ ᠭᠠᠤᠯᠢ ᠶᠢᠨ ᠵᠦᠢᠯ ᠨᠢ ᠴᠢᠰᠤ ᠶᠢ ᠬᠦᠶᠦᠯᠭᠡᠨ ᠬᠠᠪᠤᠳᠠᠷ ᠢ ᠲᠠᠳᠠᠳᠠᠭ ᠪᠢᠯᠡ᠃     ︵2︶ ᠡᠷᠢᠶᠡᠨ ᠴᠢᠯᠠᠭᠤ ᠨᠢ ᠶᠠᠰᠤ ᠪᠡᠷᠳᠡᠵᠤ ᠰᠢᠷᠪᠤᠰᠦ ᠪᠤᠯᠴᠢᠩ ᠬᠡᠮᠳᠦᠭᠰᠡᠨ ᠡᠪᠡᠳᠴᠢᠲᠡᠨ ᠳᠤ ᠬᠡᠷᠡᠭᠯᠡᠳᠡᠭ ᠪᠠᠭᠠᠵᠢ ᠶᠤᠮ᠂ ᠬᠠᠯᠠᠭᠤᠨ ᠢ ᠲᠠᠷᠤᠵᠤ ᠡᠪᠡᠳᠬᠦ ᠶᠢ ᠨᠠᠮᠵᠢᠭᠤᠯᠳᠠᠭ᠃      ︵3︶ ᠮᠦᠩᠭᠦᠨ ᠠᠶᠠᠭ᠎ᠠ᠂ ᠮᠦᠩᠭᠦᠨ ᠰᠠᠪᠬ᠎ᠠ᠂ ᠮᠦᠩᠬᠦ ᠪᠣᠯ ᠬᠤᠤᠷ ᠢ ᠠᠷᠢᠯᠭᠠᠵᠤ ᠪᠠᠺᠲ᠋ᠧᠷᠢ ᠠᠯᠠᠬᠤ ᠴᠢᠳᠠᠯ ᠲᠠᠢ ᠪᠠᠶᠢᠳᠠᠭ᠃      3᠂ ᠶᠠᠰᠤ ᠪᠠᠷᠢᠬᠤ ᠶᠤᠰᠤ      ᠤᠷᠠᠳᠴᠤᠳ ᠬᠦᠮᠦᠨ ᠤ ᠪᠡᠶ᠎ᠡ ᠶᠢᠨ ᠪᠦᠬᠦ᠋ᠢᠯᠡ ᠶᠠᠰᠤ ᠶᠢ ᠠᠷᠤᠭ ᠶᠠᠰᠤ ᠭᠡᠵᠤ ᠨᠡᠷᠡᠯᠡᠬᠦ ᠪᠦᠬᠡᠳ ᠪᠠᠰᠠ ᠶᠠᠰᠤ ᠪᠠ ᠮᠦᠭᠡᠷᠰᠤ ᠬᠡᠵᠤ ᠬᠤᠪᠢᠳᠠᠭ᠃ ᠶᠠᠰᠤ ᠪᠠᠨ ᠪᠠᠰᠠ ᠰᠡᠶᠢᠮᠡᠭᠡᠢ ᠶᠠᠰᠤ᠂ ᠬᠠᠳᠠᠭᠤ ᠶᠠᠰᠤ ᠬᠡᠵᠤ᠂ ᠶᠠᠰᠤ ᠶᠢ ᠶᠡᠭᠡ ᠲᠦᠯᠦᠪ ᠤᠷᠳᠤ᠂ ᠪᠤᠭᠤᠨᠢ ᠬᠠᠪᠲᠠᠭᠠᠢ ᠪᠠ ᠬᠡᠯᠪᠡᠷᠢ ᠦᠭᠡᠢ ᠬᠡᠵᠤ ᠬᠤᠪᠢᠶᠠᠵᠤ ᠪᠠᠶᠢᠳᠠᠭ᠃     ᠪᠤᠭᠤᠨᠢ ᠶᠠᠰᠤᠨ ᠳᠤ ᠭᠠᠷ ᠤᠨ ᠠᠯᠠᠭ᠎ᠠ᠂ ᠬᠤᠷᠤᠭᠤ᠂ ᠪᠠᠭᠤᠤ ᠲᠠᠪᠢᠨ ᠲᠦᠷᠪᠡ︔ ᠤᠯᠠ᠂ ᠦᠯᠮᠡᠢ᠂ ᠲᠠᠪᠢᠨ ᠬᠤᠶᠠᠷ ᠶᠠᠰᠤ ᠨᠡᠶᠢᠲᠡ 106 ᠪᠠᠭ᠎ᠠ ᠬᠡᠰᠡᠭ᠃ ᠬᠠᠪᠲᠠᠭᠠᠢ ᠶᠠᠰᠤᠨ ᠳᠤ ᠭᠠᠪᠠᠯᠠ᠂ ᠲᠠᠯᠤ᠂ ᠬᠠᠪᠢᠷᠭ᠎ᠠ᠂ ᠰᠡᠬᠦᠵᠢ ᠵᠡᠷᠭᠡ 61 ᠭᠡᠰᠡᠭ᠃      ᠶᠠᠮᠠᠷᠴᠤ ᠲᠤᠭᠲᠠᠭᠰᠠᠨ ᠬᠡᠯᠪᠡᠷᠢ ᠦᠭᠡᠢ ᠶᠠᠰᠤᠨ ᠳᠤ ᠬᠦᠵᠦᠬᠦᠦ᠂ ᠰᠡᠭᠡᠷ᠂ ᠨᠢᠷᠤᠭᠤ᠂ ᠪᠦᠰᠡᠯᠡᠭᠦᠷ᠂ ᠤᠭᠤᠴᠠ᠂ ᠤᠬᠤᠷ ᠰᠡᠬᠦᠯ᠂ ᠡᠪᠴᠢᠬᠦᠦ ᠵᠡᠷᠭᠡ 27 ᠬᠡᠰᠡᠭ᠃      ᠶᠠᠰᠤᠨ ᠤ ᠬᠡᠯᠬᠢᠶᠡᠰᠦ ᠶᠢᠨ ᠲᠤᠬᠠᠢ᠄ ᠬᠦᠮᠦᠨ ᠤ ᠪᠡᠶ᠎ᠡ ᠶᠢᠨ ᠪᠦᠬᠦ ᠶᠠᠰᠤ ᠨᠤᠭᠤᠳ ᠬᠤᠭᠤᠷᠤᠨᠳᠤ ᠪᠠᠨ ᠲᠦᠷᠦᠯᠬᠢ ᠵᠤᠬᠢᠴᠠᠩᠭᠤᠢ ᠪᠠᠷ ᠪᠠᠳᠤ ᠬᠤᠯᠪᠤᠯᠳᠤᠵᠤ ᠪᠤᠢ᠃ ᠡᠬᠦᠨ ᠳᠤ ᠮᠦᠷᠦ᠂ ᠲᠤᠬᠤᠢ᠂ ᠰᠡᠭᠦᠵᠢ᠂ ᠡᠪᠤᠳᠦᠭ ᠵᠡᠷᠭᠡ ᠨᠢ ᠪᠦᠷ ᠬᠤᠭᠤᠷᠤᠨᠳᠤ ᠪᠠᠨ ᠪᠤᠯᠴᠢᠩ ᠢᠶᠠᠷ ᠬᠡᠯᠬᠢᠯᠳᠤᠵᠤ ᠪᠤᠢ᠂ ᠬᠡᠬᠦ ᠳᠤ ᠪᠠᠨ ᠤᠮᠠᠳᠠᠭ ᠤᠨ ᠠᠭᠤᠯᠵᠠᠷ ᠪᠣᠯ ᠬᠠᠷᠢᠨ ᠮᠦᠭᠡᠷᠰᠦ ᠪᠠᠷ ᠬᠤᠯᠪᠤᠯᠳᠤᠵᠤ ᠪᠤᠢ᠃ ᠭᠠᠪᠠᠯᠠ ᠶᠢᠨ ᠶᠠᠰᠤ ᠨᠢ ᠵᠠᠭᠠᠳᠠᠰᠤ ᠪᠠᠷ ᠨᠡᠶᠢᠯᠡᠵᠤ ᠪᠠᠶᠢᠳᠠᠭ ᠂ ᠪᠤᠰᠤᠳ ᠪᠦᠰᠡᠯᠡᠬᠦᠷ᠂ ᠤᠭᠤᠴᠠ ᠵᠡᠷᠭᠡ ᠶᠠᠰᠤ ᠨᠢ ᠬᠤᠭᠤᠷᠤᠨᠳᠤ ᠪᠠᠨ ᠲᠠᠪᠠᠭ ᠢᠶᠠᠷ ᠬᠡᠯᠬᠢᠯᠳᠦᠵᠤ ᠪᠠᠶᠢᠨ᠎ᠠ᠃      4᠂ ᠶᠠᠰᠤᠨ ᠬᠤᠭᠤᠷᠠᠯᠲᠠ ᠶᠢᠨ ᠤᠨᠤᠰᠢᠯᠭ᠎ᠠ     ᠬᠤᠭᠤᠷᠠᠯᠲᠠ ᠶᠢᠨ ᠰᠢᠨᠵᠢ ᠪᠠᠶᠢᠳᠠᠯ ᠢᠶᠠᠷ ᠨᠢ ᠶᠠᠰᠤ ᠪᠢᠴᠠᠷᠠᠬᠤ᠂ ᠶᠠᠰᠤᠨ ᠤ ᠡᠭᠴᠡ ᠬᠤᠭᠤᠷᠠᠯᠳᠠ᠂ ᠵᠦᠷᠢᠬᠦᠦ ᠬᠤᠭᠤᠷᠠᠯᠲᠠ᠂ ᠠᠷᠠᠭ᠎ᠠ ᠬᠤᠭᠤᠷᠠᠯᠲᠠ᠂ ᠲᠠᠷᠤᠯᠲᠠ ᠶᠢᠨ ᠬᠤᠭᠤᠷᠠᠯᠲᠠ ᠬᠡᠬᠦ ᠤᠯᠠᠨ ᠵᠦᠢᠯ ᠢᠶᠠᠷ ᠨᠡᠷᠡᠶᠢᠳᠴᠤ ᠢᠯᠭᠠᠨ ᠲᠤᠳᠤᠷᠬᠠᠶᠢᠯᠠᠵᠤ ᠬᠡᠯᠡᠳᠡᠭ ᠵᠠᠩᠰᠢᠯ ᠲᠠᠢ᠃      ᠶᠠᠰᠤ ᠪᠠᠷᠢᠭᠴᠢ ᠡᠪᠡᠳᠴᠢᠲᠡᠨ ᠤ ᠡᠪᠡᠳᠴᠤ ᠪᠠᠶᠢᠬᠤ ᠬᠡᠰᠡᠭ ᠢ ᠦᠵᠡᠵᠤ ᠰᠢᠨᠵᠢᠬᠦ ᠪᠠ ᠪᠡᠶ᠎ᠡ ᠳᠤ ᠨᠢ ᠬᠦᠷᠦᠯᠴᠡᠬᠦ᠂ ᠪᠠᠷᠢᠵᠤ ᠲᠡᠮᠳᠡᠷᠢᠬᠦ᠂ ᠢᠯᠢᠬᠦ᠂ ᠠᠳᠬᠤᠬᠤ ᠵᠡᠷᠭᠡ ᠠᠷᠭ᠎ᠠ ᠪᠠᠷ ᠠᠯᠢ ᠬᠡᠰᠡᠭ ᠲᠤ ᠬᠡᠮᠳᠦᠯ ᠭᠠᠷᠤᠭᠰᠠᠨ ᠪᠠ ᠬᠤᠭᠤᠷᠠᠯᠲᠠ ᠶᠢᠨ ᠬᠦᠨᠳᠦ ᠬᠦᠩᠭᠡᠨ᠂ ᠬᠡᠯᠪᠡᠷᠢ ᠪᠠᠶᠢᠳᠠᠯ ᠢ ᠨᠠᠷᠢᠨ ᠰᠠᠶᠢᠬᠠᠨ ᠲᠤᠳᠤᠯᠠᠭᠰᠠᠨ ᠤ ᠲᠠᠷᠠᠭ᠎ᠠ᠂ ᠶᠠᠰᠤ ᠪᠠᠷᠢᠭᠴᠢ ᠶᠠᠮᠠᠷ ᠵᠠᠰᠠᠯ ᠬᠢᠬᠦ ᠪᠠᠨ ᠲᠤᠭᠳᠠᠭᠠᠨ ᠶᠠᠰᠤᠨ ᠤ ᠪᠠᠷᠢᠶ᠎ᠠ ᠬᠢᠳᠡᠭ᠃      5᠂ ᠶᠠᠰᠤ ᠵᠠᠰᠠᠬᠤ ᠠᠷᠭ᠎ᠠ      ᠢᠯᠢᠬᠦ — ᠬᠡᠮᠳᠦᠯ ᠤᠨ ᠭᠡᠰᠡᠭ ᠢ ᠭᠠᠷ ᠤᠨ ᠠᠯᠠᠭ᠎ᠠ ᠶᠢᠨ ᠮᠡᠷᠭᠡᠵᠢᠯ ᠢᠶᠠᠷ ᠵᠡᠬᠦᠨᠰᠢ ᠪᠠᠷᠠᠭᠤᠨᠰᠢ᠂ ᠲᠡᠭᠡᠭᠰᠢ ᠲᠤᠷᠤᠭᠰᠢ ᠢᠯᠢᠬᠦ ᠶᠢ ᠵᠢᠭᠠᠵᠤ ᠪᠤᠢ ᠃      ᠰᠢᠪᠳᠤᠷᠠᠬᠤ — ᠬᠡᠮᠳᠦᠯ ᠤᠨ ᠭᠡᠰᠡᠭ ᠢ ᠠᠳᠬᠤᠵᠤ ᠠᠪᠤᠭᠠᠳ ᠲᠡᠭᠡᠭᠰᠢ ᠲᠤᠷᠤᠭᠰᠢ ᠲᠠᠳᠠᠵᠤ ᠴᠢᠩᠭᠠᠭᠠᠬᠤ ᠶᠢ ᠰᠢᠪᠳᠤᠷᠠᠬᠤ ᠭᠡᠳᠡᠭ᠃      ᠲᠠᠳᠠᠬᠤ — ᠵᠦᠷᠢᠵᠤ ᠬᠤᠭᠤᠷᠠᠭᠰᠠᠨ ᠶᠠᠰᠤ ᠶᠢ ᠤᠷᠤᠨ ᠳᠤ ᠨᠢ ᠬᠡᠪᠰᠢᠬᠦᠯᠵᠤ ᠪᠠᠷᠢᠯᠳᠤᠭᠤᠯᠬᠤ ᠳᠤ ᠬᠤᠭᠤᠷᠠᠭᠰᠠᠨ ᠶᠠᠰᠤ ᠶᠢ ᠬᠦᠩᠭᠡᠨ ᠠᠴᠠ ᠬᠦᠨᠳᠦ ᠤᠷᠤᠭᠤ ᠠᠯᠭᠤᠷ ᠢᠶᠠᠷ ᠭᠠᠷ ᠤᠨ ᠬᠦᠴᠦᠨ ᠲᠡᠮ ᠢᠶᠠᠷ ᠲᠠᠳᠠᠬᠤ ᠶᠢ ᠬᠡᠯᠡᠨ᠎ᠡ᠃       ᠪᠦᠮᠪᠦᠭᠡᠯᠡᠭᠦ — ᠪᠠᠴᠢᠷᠠᠭᠰᠠᠨ ᠶᠠᠰᠤ ᠶᠢ ᠬᠤᠶᠠᠷ ᠠᠯᠠᠭ᠎ᠠ ᠶᠢᠨ ᠲᠤᠮᠲᠠ ᠪᠠᠨ ᠨᠠᠭᠠᠰᠢ ᠴᠠᠭᠠᠰᠢ ᠨᠢ ᠦᠩᠬᠡᠷᠡᠬᠦᠯᠦᠨ ︵ᠲᠡᠭᠡᠰᠦ ᠠᠯᠠᠭᠠᠳᠠᠬᠤ ᠮᠡᠳᠦ︶ ᠵᠠᠰᠠᠬᠤ ᠶᠢ ᠵᠢᠭᠠᠵᠤ ᠪᠤᠢ᠃      ᠲᠡᠪᠬᠡᠳᠡᠬᠦ — ᠡᠷᠡᠤ ᠶᠢᠨ ᠶᠠᠰᠤ ᠡᠭᠴᠡ ᠲᠤᠮᠳᠠᠭᠤᠷ ᠢᠶᠠᠨ ᠬᠤᠭᠤᠷᠠᠭᠰᠠᠨ ᠢ ᠵᠠᠰᠠᠬᠤ ᠳᠤ ᠰᠢᠳᠦ ᠪᠠᠷ ᠲᠡᠪᠭᠡᠯᠡᠵᠤ ᠪᠠᠶᠢᠭᠠᠳ ᠡᠷᠡᠤ ᠶᠢᠨ ᠶᠠᠰᠤ ᠶᠢ ᠨᠢ ᠬᠡᠪᠰᠢᠬᠦᠯᠦᠨ ᠪᠠᠷᠢᠯᠳᠤᠭᠤᠯᠬᠤ ᠶᠢ ᠬᠡᠯᠡᠵᠤ ᠪᠤᠢ᠃     ᠲᠠᠷᠤᠬᠤ — ᠬᠦᠮᠦᠨ ᠤ ᠶᠠᠰᠤ ᠬᠤᠭᠤᠷᠠᠵᠤ ᠬᠡᠮᠳᠦᠬᠦ ᠳᠤ ᠡᠮᠳᠡᠷᠡᠭᠰᠡᠨ ᠪᠤᠶᠤ ᠰᠠᠯᠵᠤ ᠭᠠᠷᠤᠭᠰᠠᠨ ᠶᠠᠰᠤ ᠶᠢ ᠵᠠᠰᠠᠬᠤ ᠳᠤ ᠬᠡᠷᠡᠭᠯᠡᠬᠦ ᠠᠷᠭ᠎ᠠ᠃      ᠰᠤᠷᠤᠬᠤ — ᠴᠦᠮᠦᠷᠡᠭᠰᠡᠨ ᠶᠠᠰᠤ ᠶᠢ ᠵᠠᠰᠠᠬᠤ ᠳᠤ ᠴᠦᠮᠦᠷᠡᠵᠤ ᠤᠷᠤᠭᠰᠠᠨ ᠭᠡᠰᠡᠭ ᠲᠤ ᠨᠢ ᠬᠤᠸᠠᠭᠠᠩ ᠲᠠᠯᠪᠢᠵᠤ᠂ ᠲᠤᠳᠤᠭᠰᠢ ᠴᠦᠮᠦᠷᠡᠨ ᠤᠷᠤᠭᠰᠠᠨ ᠶᠠᠰᠤ ᠶᠢ ᠨᠢ ᠰᠤᠷᠤᠵᠤ ᠤᠭ ᠤᠨ ᠤᠷᠤᠨ ᠳᠤ ᠨᠢ ᠤᠷᠤᠭᠤᠯᠤᠨ ᠵᠠᠰᠠᠬᠤ ᠠᠷᠭ᠎ᠠ᠃     ᠲᠡᠬᠦᠵᠢᠯᠡᠬᠦ ︵ᠴᠢᠩᠭᠠᠭᠠᠬᠤ︶ — ᠭᠤᠶᠠᠨ ᠴᠢᠮᠦᠭᠡᠨ ᠤ ᠲᠤᠯᠤᠭᠠᠢ ᠬᠤᠭᠤᠷᠠᠬᠤ ᠳᠤ ᠶᠠᠰᠤ ᠬᠡᠮᠳᠦᠭᠰᠡᠳ ᠤᠨ ᠨᠢᠷᠤᠭᠤ ᠰᠡᠬᠦᠵᠢᠨ ᠤ ᠲᠤᠤᠷ᠎ᠠ ᠨᠢ ᠦᠨᠳᠦᠷ ᠶᠠᠭᠤᠮ᠎ᠠ ᠲᠠᠯᠪᠢᠵᠤ ᠪᠠᠶᠢᠭᠠᠳ ᠬᠡᠮᠳᠦᠭᠰᠡᠨ ᠭᠤᠶ᠎ᠠ ᠶᠢ ᠨᠢ ᠬᠦᠯ ᠠᠴᠠ ᠨᠢ ᠵᠦᠭᠡᠯᠡᠨ ᠪᠦᠰᠡ ᠪᠠᠷ ᠲᠡᠭᠡᠰᠦ ᠤᠶᠠᠵᠤ ᠭᠡᠷ ᠤᠨ ᠬᠠᠨ᠎ᠠ ᠠᠴᠠ ᠲᠠᠳᠠᠵᠤ ᠴᠢᠩᠭᠠᠭᠠᠨ ᠤᠶᠠᠬᠤ ᠵᠠᠰᠠᠯᠭ᠎ᠠ᠃      ᠬᠠᠪᠳᠠᠰᠤᠯᠠᠬᠤ — ᠬᠤᠭᠤᠷᠠᠭᠰᠠᠨ ᠶᠠᠰᠤᠨ ᠤ ᠭᠠᠳᠠᠭᠤᠷ ᠨᠢ ᠮᠤᠳᠤᠨ ᠬᠠᠪᠳᠠᠰᠤ ᠪᠤᠶᠤ ᠴᠠᠪᠠᠤ ᠲᠠᠢ ᠬᠦᠳᠦᠰᠦ ᠵᠡᠷᠭᠡ ᠪᠠᠷ ᠴᠢᠩᠭ᠎ᠠ ᠬᠡᠭᠴᠢ ᠪᠤᠭᠤᠭᠠᠳ ᠬᠡᠪᠰᠢᠬᠦᠯᠬᠦ ᠠᠷᠭ᠎ᠠ᠃      ᠪᠤᠭᠤᠵᠤ ᠡᠷᠢᠬᠦ — ᠶᠠᠰᠤᠨ ᠤ ᠵᠠᠭᠠᠳᠠᠰᠤ ᠰᠠᠯᠤᠭᠰᠠᠨ ᠢ ᠵᠠᠰᠠᠬᠤ ᠳᠤ ᠬᠤᠭᠤᠷᠠᠭᠰᠠᠨ ᠶᠠᠰᠤᠨ ᠤ ᠨᠠᠷᠢᠨ ᠵᠦᠭᠡᠯᠡᠨ ᠪᠦᠰ ᠢᠶᠠᠷ ᠴᠢᠩᠭ᠎ᠠ ᠨᠢᠮᠪᠠᠢ ᠤᠷᠢᠶᠠᠵᠤ ᠵᠠᠰᠠᠬᠤ ᠠᠷᠭ᠎ᠠ᠃      6᠂ ᠲᠠᠷᠢᠬᠢᠨ ᠲᠤᠷᠬᠢᠯᠲᠠ ᠶᠢ ᠵᠠᠰᠠᠬᠤ ᠤᠯᠠᠮᠵᠢᠯᠠᠯᠳᠤ ᠠᠷᠭ᠎ᠠ     ᠲᠠᠷᠢᠬᠢᠨ ᠲᠤᠷᠬᠢᠯᠲᠠ ᠪᠣᠯ ᠮᠤᠷᠢᠨ ᠠᠴᠠ ᠬᠠᠶᠠᠭᠳᠠᠬᠤ᠂ ᠬᠡᠷ ᠪᠠᠶᠢᠰᠢᠩ ᠤᠨ ᠤᠷᠤᠢ ᠲᠡᠭᠡᠷ᠎ᠡ ᠠᠴᠠ ᠤᠨᠠᠬᠤ᠂ ᠴᠢᠯᠠᠭᠤ ᠲᠤᠭᠤᠰᠬ᠎ᠠ᠂ ᠪᠢᠯᠠᠭᠤ ᠰᠢᠳᠡᠮ ᠳᠤ ᠲᠠᠭᠠᠷᠢᠭᠳᠠᠭᠰᠠᠨ ᠠᠴᠠ ᠪᠤᠯᠵᠤ ᠲᠠᠷᠢᠬᠢᠨ ᠤ ᠮᠡᠳᠡᠷᠡᠯ ᠤᠨ ᠠᠯᠢ ᠨᠢᠭᠡ ᠬᠡᠰᠡᠭ ᠲᠤ ᠬᠡᠮᠳᠦᠯ ᠭᠠᠷᠤᠭᠰᠠᠨ ᠢ ᠵᠢᠭᠠᠵᠤ ᠪᠤᠢ᠃      7᠂ ᠲᠠᠷᠢᠬᠢᠨ ᠲᠤᠷᠬᠢᠯᠲᠠ ᠶᠢ ᠪᠠᠶᠢᠴᠠᠭᠠᠬᠤ ᠠᠷᠭ᠎ᠠ      ᠤᠷᠠᠳᠴᠤᠳ ᠤᠳᠠᠰᠤ ᠪᠠᠷ ᠬᠦᠮᠦᠨ ᠤ ᠲᠠᠷᠢᠬᠢ ᠤᠨᠠᠭᠰᠠᠨ ᠢ ᠬᠡᠮᠵᠢᠵᠤ ᠮᠡᠳᠡᠳᠡᠭ ᠪᠢᠯᠡ᠃ ᠲᠡᠲᠡ ᠶᠠᠮᠠᠷ ᠨᠢᠭᠡᠨ ᠤᠳᠠᠰᠤ ᠪᠠᠷ ᠮᠠᠩᠨᠠᠢ ᠶᠢ ᠨᠢ ᠤᠷᠢᠶᠠᠵᠤ ᠬᠡᠮᠵᠢᠭᠡᠳ ᠭᠠᠪᠠᠯᠠ ᠶᠢᠨ ᠲᠡᠭᠡᠷ᠎ᠡ ᠬᠦᠷᠬᠦ ᠦᠶ᠎ᠡ ᠳᠤ ᠤᠳᠠᠰᠤᠨ ᠤ ᠬᠤᠶᠠᠷ ᠦᠵᠦᠬᠦᠷ ᠢ ᠪᠠᠷᠠᠭᠤᠨ ᠭᠠᠷ ᠢᠶᠠᠷ ᠢᠶᠠᠨ ᠴᠢᠩᠭᠠᠯᠠᠨ ᠨᠡᠶᠢᠯᠡᠬᠦᠯᠵᠤ ᠴᠢᠮᠬᠢᠭᠡᠳ ᠮᠠᠩᠨᠠᠢ ᠶᠢᠨ ᠭᠤᠤᠯ ᠲᠤᠮᠲᠠ ᠪᠠᠶᠢᠭ᠎ᠠ ᠴᠡᠭ ᠢ ᠤᠳᠠᠰᠤᠨ ᠤ ᠲᠡᠭᠡᠷ᠎ᠡ ᠪᠠᠨ ᠲᠡᠮᠳᠡᠭ ᠲᠠᠯᠪᠢᠬᠤ ᠪᠤᠶᠤ ᠵᠡᠬᠦᠨ ᠭᠠᠷ ᠤᠨ ᠬᠤᠷᠤᠭᠤ ᠪᠠᠷ ᠢᠶᠠᠨ ᠰᠢᠯᠵᠢᠬᠦᠯᠦᠯ ᠦᠭᠡᠢ ᠴᠢᠮᠬᠢᠵᠤ ᠪᠠᠶᠢᠭᠠᠳ ᠲᠡᠭᠡᠭᠰᠢ ᠨᠢ ᠤᠳᠠᠰᠤ ᠪᠠᠨ ᠪᠢᠳᠡᠬᠦᠦ ᠪᠠᠷ ᠮᠤᠯᠳᠤᠯᠵᠤ ᠠᠪᠤᠭᠠᠳ ᠨᠤᠭᠤᠯᠵᠤ ᠲᠡᠭᠰᠢ ᠴᠢᠩᠭ᠎ᠠ ᠲᠠᠳᠠᠬᠤ ᠦᠶ᠎ᠡ ᠳᠤ ᠤᠳᠠᠰᠤᠨ ᠤ ᠨᠢᠭᠡ ᠲᠠᠯ᠎ᠠ ᠨᠢ ᠤᠬᠤᠷ ᠨᠦᠬᠦᠭᠡ ᠲᠠᠯ᠎ᠠ ᠨᠢ ᠤᠷᠳᠤ ᠪᠠᠶᠢᠪᠠᠯ ᠪᠠᠷᠠᠭᠤᠨ ᠲᠠᠷᠢᠬᠢᠨ ᠳᠤ ᠭᠡᠮᠳᠦᠯ ᠭᠠᠷᠤᠯ᠎ᠠ ᠬᠡᠵᠤ ᠦᠵᠡᠳᠡᠭ᠃ ᠲᠠᠬᠢᠨ ᠲᠤᠯᠤᠭᠠᠢ ᠶᠢᠨ ᠠᠷᠤ ᠡᠮᠦᠨ᠎ᠡ ᠲᠠᠯ᠎ᠠ ᠶᠢᠨ ᠵᠠᠭᠠᠳᠠᠰᠤ ᠬᠦᠳᠡᠯᠦᠭᠰᠡᠨ ᠡᠰᠡᠬᠦ ᠶᠢ ᠲᠤᠳᠤᠯᠠᠵᠤ ᠢᠯᠭᠠᠬᠤ ᠳᠤ ᠪᠠᠨ ᠮᠥᠨ ᠴᠦ ᠬᠡᠮᠵᠢᠬᠦᠷ ᠤᠳᠠᠰᠤᠨ ᠤ ᠲᠡᠮᠳᠡᠭ ᠲᠠᠯᠪᠢᠭᠰᠠᠨ ᠬᠡᠰᠡᠭ ᠢᠶᠠᠨ ᠨᠢᠭᠡ ᠴᠢᠬᠢᠨ ᠤ ᠲᠡᠭᠡᠷ᠎ᠡ ᠲᠠᠯ᠎ᠠ ᠲᠤᠯᠤᠭᠠᠢ ᠶᠢᠨ ᠭᠡᠰᠡᠭ ᠲᠤ ᠲᠠᠭᠠᠷᠠᠭᠤᠯᠤᠨ ᠮᠠᠩᠨᠠᠢ ᠪᠤᠯᠤᠨ ᠲᠤᠬᠤ ᠶᠢᠨ ᠲᠠᠯ᠎ᠠ ᠪᠠᠷ ᠲᠡᠭᠰᠢ ᠪᠦᠬᠡᠳ ᠴᠢᠩᠭ᠎ᠠ ᠲᠠᠲᠠᠵᠤ ᠨᠦᠬᠦᠬᠡ ᠴᠢᠬᠢᠨ ᠤ ᠲᠡᠭᠡᠷ᠎ᠡ ᠭᠡᠰᠡᠭ ᠲᠠᠯ᠎ᠠ ᠶᠢᠨ ᠲᠤᠯᠤᠭᠠᠢ ᠶᠢᠨ ᠬᠡᠰᠡᠭ ᠲᠤ ᠨᠡᠶᠢᠯᠡᠭᠰᠡᠨ ᠤᠳᠠᠰᠤ ᠪᠠᠨ ᠲᠡᠮᠳᠡᠭᠯᠡᠵᠤ ᠠᠪᠤᠭᠠᠳ ᠤᠳᠠᠰᠤ ᠪᠠᠨ ᠲᠡᠩᠴᠡᠬᠦᠯᠵᠤ ᠦᠵᠡᠬᠦ ᠳᠤ ᠠᠯᠢ ᠲᠠᠯ᠎ᠠ ᠶᠢᠨ ᠤᠳᠠᠰᠤ ᠨᠢ ᠤᠷᠳᠤ ᠪᠠᠶᠢᠪᠠᠯ ᠲᠠᠷᠤᠢ ᠲᠡᠷᠡ ᠲᠠᠯ᠎ᠠ ᠶᠢᠨ ᠵᠠᠭᠠᠳᠠᠰᠤ ᠬᠦᠳᠡᠯᠦᠭᠰᠡᠨ ᠭᠡᠳᠡᠭ ᠢ ᠲᠤᠳᠤᠯᠠᠵᠤ ᠮᠡᠳᠡᠳᠡᠭ᠃ ᠪᠠᠰᠠ ᠲᠠᠷᠢᠬᠢ ᠲᠤᠷᠬᠢᠭᠰᠠᠨ ᠡᠪᠡᠳᠴᠢᠲᠡᠨ ᠤ ᠬᠤᠶᠠᠷ ᠭᠠᠷ ᠤᠨ ᠭᠤᠤᠯ ᠬᠤᠷᠤᠭᠤ ᠶᠢ ᠬᠠᠷᠢᠯᠴᠠᠨ ᠠᠳᠠᠯᠢᠳᠬᠠᠵᠤ ᠦᠵᠡᠬᠦ ᠳᠤ ᠠᠯᠢ ᠨᠢ ᠤᠬᠤᠷ ᠪᠣᠯ ᠲᠡᠷᠡ ᠬᠤᠷᠤᠭᠤᠨ ᠤ ᠲᠠᠯ᠎ᠠ ᠳᠠᠬᠢ ᠵᠠᠭᠠᠳᠠᠰᠤ ᠨᠢ ᠬᠦᠳᠡᠯᠦᠭᠰᠡᠨ ᠬᠡᠵᠤ ᠮᠡᠳᠡᠵᠤ ᠪᠤᠯᠬᠤ ᠶᠤᠮ᠃      8᠂ ᠲᠠᠷᠢᠬᠢᠨ ᠲᠤᠷᠬᠢᠯᠲᠠ ᠶᠢᠨ ᠤᠯᠠᠮᠵᠢᠯᠠᠯᠳᠤ ᠵᠠᠰᠠᠯᠲᠠ      ᠲᠠᠷᠢᠬᠢ ᠲᠤᠮᠨᠤᠬᠤ ᠭᠠᠷ ᠠᠪᠤᠯᠭ᠎ᠠ ᠪᠣᠯ ᠲᠤᠷᠬᠢᠯᠲᠠ ᠶᠢ ᠲᠤᠷᠬᠢᠯᠲᠠ ᠪᠠᠷ ᠵᠠᠰᠠᠬᠤ ᠶᠤᠰᠤᠨ ᠶᠤᠮ᠃ ᠡᠨᠡ ᠨᠢ ᠰᠠᠨᠠᠭᠠᠨ ᠦᠭᠡᠢ ᠰᠠᠶᠢᠨ ᠠᠮᠵᠢᠯᠲᠠ ᠲᠤᠰᠠ ᠭᠠᠷᠳᠠᠭ ᠨᠢ ᠠᠷᠠᠳ ᠤᠨ ᠤᠯᠠᠮᠵᠢᠯᠠᠯᠳᠤ ᠵᠠᠰᠠᠯᠲᠠ ᠶᠢᠨ ᠨᠢᠭᠤᠴᠠ ᠤᠪᠠᠳᠢᠰ ᠪᠤᠯᠬᠤ ᠶᠤᠰᠤᠲᠠᠢ᠃     ︵1︶ ᠲᠤᠮᠨᠤᠬᠤ — ᠡᠪᠡᠳᠴᠢᠲᠡᠨ ᠤ ᠡᠰᠡᠷᠸ᠎ᠠ ᠶᠢᠨ ᠪᠡᠯᠴᠢᠷ ᠢᠶᠠᠷ ᠬᠦᠢᠰᠦ ᠪᠤᠯᠭᠠᠨ ᠮᠤᠳᠤᠨ ᠤᠭᠤᠷ ᠤᠨ ᠰᠠᠭᠤᠷᠢ ᠳᠤ 1᠂ 2᠂ 3᠂ 1᠂ 2᠂ 3᠂ ᠮᠡᠳᠦ ᠶᠢᠨ ᠭᠤᠷᠪᠠ ᠭᠤᠷᠪᠠ ᠶᠢᠨ ᠠᠶᠢᠵᠢᠮ ᠴᠤᠬᠢᠯᠭ᠎ᠠ ᠪᠠᠷ ᠲᠤᠯᠤᠭ᠎ᠠ ᠬᠤᠪᠢᠶᠠᠵᠤ ᠬᠤᠷᠢᠨ ᠨᠢᠭᠡᠨ ᠤᠳᠠᠭ᠎ᠠ ᠲᠤᠭᠰᠢᠵᠤ ᠲᠤᠬᠢᠷᠠᠭᠤᠯᠤᠨ᠎ᠠ᠃ ᠤᠭᠤᠷ ᠤᠨ ᠠᠮᠠᠰᠠᠷ ᠲᠤ ᠵᠦᠭᠡᠯᠡᠨ ᠵᠤᠵᠠᠭᠠᠯᠢᠭ ᠪᠦᠰ ᠢ ᠵᠢᠬᠢᠷᠢᠭ ᠲᠠᠯᠪᠢᠵᠤ᠂ ᠲᠤᠯᠤᠭᠠᠢ ᠪᠠ ᠤᠭᠤᠷ ᠤᠨ ᠠᠮᠠᠰᠠᠷ ᠤᠨ ᠬᠤᠭᠤᠷᠤᠨᠳᠤ ᠵᠠᠪᠰᠠᠷ ᠭᠠᠷᠬᠤ ᠶᠢ ᠰᠡᠷᠭᠡᠶᠢᠯᠡᠨ᠎ᠡ᠃      ︵2︶ ᠲᠤᠷᠬᠢᠭᠤᠯᠤᠨ ᠴᠤᠬᠢᠬᠤ ᠠᠷᠭ᠎ᠠ — ᠵᠠᠭᠠᠳᠠᠰᠤ ᠬᠦᠳᠡᠯᠵᠤ ᠲᠠᠷᠢᠬᠢ ᠲᠤᠷᠬᠢᠭᠰᠠᠨ ᠬᠦᠮᠦᠨ ᠢ ᠲᠡᠭᠰᠢ ᠲᠦᠪ ᠰᠠᠭᠤᠯᠭᠠᠵᠤ ᠬᠠᠪᠰᠤᠷᠤᠭᠴᠢ ᠪᠠᠷ ᠲᠤᠯᠤᠭᠠᠢ ᠶᠢᠨ ᠭᠡᠰᠡᠭ ᠢ ᠲᠦᠰᠢᠬᠦᠯᠵᠤ᠂ ᠪᠠᠷᠢᠶᠠᠴᠢ ᠠᠴᠠ ᠦᠷᠭᠡᠨ ᠵᠦᠭᠡᠯᠡᠨ ᠪᠦᠰ ᠢᠶᠠᠷ ᠬᠤᠶᠠᠷ ᠴᠢᠭᠢᠨ ᠠᠴᠠ ᠲᠡᠭᠡᠭᠦᠷ ᠤᠷᠢᠶᠠᠵᠤ ᠠᠪᠤᠭᠠᠳ ᠬᠡᠮᠵᠢᠭᠰᠡᠨ ᠤᠳᠠᠰᠤᠨ ᠤ ᠤᠬᠤᠷ ᠲᠠᠯ᠎ᠠ ᠳᠤ ᠨᠢ ᠤᠷᠢᠳ ᠢᠶᠠᠷ ᠪᠦᠰ ᠤᠨ ᠬᠤᠶᠠᠷ ᠦᠵᠦᠭᠦᠷ ᠢ ᠴᠢᠩᠭ᠎ᠠ ᠮᠤᠰᠬᠢᠵᠤ ᠨᠢᠭᠡ ᠭᠠᠷ ᠢᠶᠠᠷ ᠢᠶᠠᠨ ᠲᠡᠭᠰᠢ ᠪᠦᠭᠡᠳ ᠴᠢᠩᠭ᠎ᠠ ᠲᠠᠳᠠᠵᠤ᠂ ᠨᠦᠬᠦᠭᠡ ᠭᠠᠷ ᠢᠶᠠᠷ ᠢᠶᠠᠨ ᠵᠢᠵᠢᠭ ᠬᠦᠨᠳᠦ ᠪᠢᠯᠠᠭᠤ ᠪᠤᠶᠤ ᠴᠡᠢ ᠶᠢᠨ ᠰᠦᠭᠡ ᠪᠠᠷ ᠲᠤᠯᠤᠭᠠᠢ ᠠᠴᠠ ᠨᠢᠭᠡ ᠢᠮᠠᠬᠤ ᠵᠠᠢ ᠲᠠᠢ ᠲᠠᠳᠠᠯᠭ᠎ᠠ ᠪᠦᠰ ᠲᠡᠭᠡᠷ᠎ᠡ ᠭᠤᠷᠪᠠᠨᠲᠠ ᠬᠦᠴᠦᠲᠠᠢ ᠴᠤᠬᠢᠵᠤ᠂ ᠲᠠᠷᠠᠭ᠎ᠠ ᠪᠠᠷ ᠨᠢ ᠲᠤᠯᠤᠭᠠᠢ ᠶᠢᠨ ᠨᠦᠬᠦᠭᠡ ᠭᠤᠷᠪᠠᠨ ᠲᠠᠯ᠎ᠠ ᠳᠤ ᠨᠢ ᠡᠨᠡ ᠮᠡᠳᠦ ᠲᠤᠰᠪᠦᠷᠢ ᠭᠤᠷᠪᠠ ᠤᠳᠠᠭ᠎ᠠ ᠴᠤᠬᠢᠭᠠᠳ᠂ ᠠᠷᠢᠬᠢ ᠦᠯᠢᠶᠡᠨ ᠬᠤᠶᠠᠷ ᠭᠠᠷ ᠤᠨ ᠠᠯᠠᠭ᠎ᠠ ᠪᠠᠷ ᠲᠤᠯᠤᠭᠠᠢ ᠶᠢ ᠨᠠᠢᠮᠠᠨ ᠲᠠᠯ᠎ᠠ ᠠᠴᠠ ᠨᠢ ᠲᠤᠳᠤᠭᠰᠢ ᠬᠠᠪᠴᠢᠨ ᠰᠢᠯᠭᠡᠭᠡᠵᠤ ᠰᠢᠬᠠᠵᠤ ᠢᠯᠢᠭᠡᠳ᠂ ᠲᠠᠬᠢᠨ ᠲᠤᠯᠤᠭᠠᠢ ᠶᠢᠨ ᠠᠷᠤ ᠬᠡᠰᠡᠭ ᠲᠤ ᠲᠤᠷᠤᠭᠰᠢ ᠪᠠᠨ ᠴᠡᠴᠡᠷᠡᠬᠦᠯᠦᠨ ᠲᠠᠷᠤᠵᠤ ᠲᠠᠪᠤᠨ ᠬᠤᠷᠤᠭᠤᠨ ᠤ ᠬᠢᠮᠤᠰᠤ ᠪᠠᠷ ᠡᠮᠦᠨ᠎ᠡ ᠲᠠᠯ᠎ᠠ ᠠᠴᠠ ᠨᠢ ᠦᠰᠦᠨ ᠤ ᠭᠤᠤᠷᠰᠤ ᠦᠭᠡᠲᠡ ᠰᠢᠬᠢᠳᠭᠡᠵᠤ ᠮᠠᠯᠳᠠᠭᠠᠳ ᠲᠤᠯᠤᠭᠠᠢ ᠶᠢᠨ ᠰᠤᠳᠠᠯ᠂ ᠨᠢᠷᠤᠭᠤ ᠶᠢᠨ ᠭᠤᠤᠯ ᠨᠤᠭᠤᠰᠤ ᠲᠠᠭᠠᠤ ᠰᠠᠶᠢᠳᠤᠷ ᠰᠢᠪᠳᠤᠷᠴᠤ ᠢᠯᠢᠭᠡᠳ ᠲᠤᠯᠤᠭᠠᠢ ᠶᠢᠨ ᠪᠤᠭᠤᠯᠲᠠ ᠶᠢ ᠴᠢᠩᠭᠠᠯᠠᠨ ᠤᠷᠢᠶᠠᠵᠤ᠂ ᠲᠤᠯᠤᠭᠠᠨ ᠬᠤᠨᠤᠭ ᠪᠤᠶᠤ ᠬᠤᠶᠠᠷ ᠲᠤᠯᠤᠭ᠎ᠠ ᠬᠤᠨᠤᠭ ᠬᠦᠷᠲᠡᠯ᠎ᠡ ᠪᠤᠭᠤᠯᠲᠠ ᠶᠢ ᠠᠪᠤᠯ ᠦᠭᠡᠢ ᠰᠤᠪᠢᠯᠠᠨ᠎ᠠ᠃      ︵3︶ ᠰᠠᠪᠬ᠎ᠠ ᠪᠠᠷ ᠲᠤᠮᠨᠤᠬᠤ ᠠᠷᠭ᠎ᠠ      ᠲᠠᠷᠢᠬᠢ ᠤᠨᠠᠭᠰᠠᠨ ᠬᠦᠮᠦᠨ ᠤ ᠠᠮᠠᠨ ᠳᠤ ᠨᠢ ᠰᠠᠪᠬ᠎ᠠ ᠶᠢ ᠬᠦᠨᠳᠡᠯᠡᠨ ᠵᠠᠭᠤᠯᠭᠠᠵᠤ᠂ ᠲᠠᠷᠢᠬᠢᠨ ᠵᠠᠭᠠᠳᠠᠰᠤ ᠨᠢ ᠭᠠᠪᠠᠯᠠ ᠶᠢᠨ ᠵᠡᠬᠦᠨ ᠬᠤᠶᠢᠳᠦ ᠭᠡᠰᠡᠭ ᠲᠤ ᠬᠦᠳᠡᠯᠦᠭᠰᠡᠨ ᠪᠣᠯ ᠰᠠᠪᠬᠠᠨ ᠤ ᠪᠠᠷᠠᠭᠤᠨ ᠲᠠᠯ᠎ᠠ ᠶᠢ ᠴᠤᠬᠢᠵᠤ ᠲᠤᠷᠬᠢᠭᠤᠯᠤᠨ᠎ᠠ᠃ ᠡᠨᠡ ᠮᠡᠳᠦ ᠡᠰᠡᠷᠬᠦ ᠵᠦᠭ ᠲᠤ ᠴᠤᠬᠢᠨ ᠲᠤᠷᠬᠢᠭᠤᠯᠵᠤ ᠲᠤᠮᠨᠤᠨ᠎ᠠ᠃ ᠲᠠᠷᠠᠭ᠎ᠠ ᠨᠢ ᠲᠤᠯᠤᠭᠠᠢ ᠶᠢ ᠨᠢ ᠴᠢᠩᠭ᠎ᠠ ᠪᠤᠭᠤᠵᠤ ᠬᠦᠨᠳᠡᠭᠳᠡᠯ ᠦᠭᠡᠢ ᠲᠤᠯᠤᠭ᠎ᠠ ᠬᠤᠨᠤᠭ ᠰᠤᠪᠢᠯᠠᠨ᠎ᠠ᠃     ︵4︶ ᠬᠦᠯ ᠤᠨ ᠤᠯᠠ ᠶᠢ ᠲᠤᠷᠬᠢᠭᠤᠯᠤᠨ ᠴᠤᠬᠢᠬᠤ ᠵᠠᠰᠠᠯᠭ᠎ᠠ     ᠡᠨᠡᠬᠦ ᠵᠠᠰᠠᠯᠭ᠎ᠠ ᠶᠢ ᠭᠤᠤᠯᠳᠠᠭᠤ ︽ᠬᠡᠤᠬᠡᠨ ᠲᠠᠷᠢᠬᠢᠨ︾ ᠤ ᠲᠤᠷᠬᠢᠯᠲᠠ ᠶᠢ ᠲᠤᠮᠨᠤᠬᠤ ᠳᠤ ᠬᠡᠷᠡᠭᠯᠡᠨ᠎ᠡ᠃ ᠡᠪᠡᠳᠴᠢᠲᠡᠨ ᠤ ᠲᠤᠯᠤᠭᠠᠢ ᠶᠢ ᠬᠠᠨ᠎ᠠ ᠳᠤ ᠲᠤᠯᠭᠠᠵᠤ ᠲᠡᠭᠰᠢ ᠬᠡᠪᠲᠡᠬᠦᠯᠦᠭᠡᠳ᠂ ᠲᠤᠯᠤᠭᠠᠢ ᠳᠤ ᠨᠢ ᠶᠡᠭᠡ ᠰᠢᠨᠠᠭ᠎ᠠ ᠵᠡᠬᠦᠯᠭᠡᠵᠤ ᠬᠠᠨ᠎ᠠ ᠳᠤ ᠨᠢᠭᠳᠠ ᠲᠤᠯᠭᠠᠵᠤ ᠪᠠᠶᠢᠭᠠᠳ ᠬᠦᠯ ᠤᠨ ᠤᠯᠠᠨ ᠳᠤ ᠨᠢ ᠨᠢᠮᠭᠡᠨ ᠮᠤᠳᠤᠨ ᠬᠠᠪᠳᠠᠰᠤ ᠨᠠᠭᠠᠯᠳᠤᠭᠤᠯᠤᠨ ᠪᠠᠷᠢᠵᠤ ᠪᠠᠶᠢᠭᠠᠳ ᠬᠠᠪᠳᠠᠰᠤᠨ ᠤ ᠭᠠᠳᠠᠷ ᠲᠠᠯ᠎ᠠ ᠠᠴᠠ ᠴᠠᠢ ᠶᠢᠨ ᠰᠦᠭᠡ ᠪᠠᠷ ᠭᠤᠷᠪᠠᠨᠲᠠ ᠴᠤᠬᠢᠵᠤ ᠪᠠᠷᠠᠭᠰᠠᠨ ᠤ ᠰᠡᠬᠦᠯᠡᠷ ᠲᠤᠯᠤᠭᠠᠢ ᠳᠠᠬᠢ ᠰᠢᠨᠠᠭ᠎ᠠ ᠶᠢ ᠠᠪᠴᠤ᠂ ᠲᠤᠯᠤᠭᠠᠢ ᠶᠢ ᠨᠢ ᠪᠦᠰ ᠢᠶᠠᠷ ᠬᠦᠩᠬᠡᠨ ᠱᠠᠯᠠᠮᠠᠭᠠᠢ ᠴᠢᠩᠭ᠎ᠠ ᠪᠠᠷᠢᠵᠤ ᠪᠤᠭᠤᠨ᠎ᠠ       ︵5︶ ᠢᠯᠢᠬᠦ ᠠᠷᠭ᠎ᠠ     ᠵᠠᠰᠠᠯ ᠦᠭᠬᠦᠭᠰᠡᠨ ᠤ ᠰᠡᠬᠦᠯᠡᠷ ᠡᠳᠦᠷ ᠪᠦᠷᠢ ᠬᠠᠷ᠎ᠠ ᠠᠷᠢᠬᠢ ᠦᠯᠢᠶᠡᠨ ᠡᠪᠡᠳᠴᠢᠲᠡᠨ ᠤ ᠲᠤᠯᠤᠭᠠᠢ ᠶᠢᠨ ᠤᠷᠤᠢ ᠢ ᠭᠡᠰᠡᠭ ᠲᠤ ᠲᠠᠷᠤᠵᠤ ᠢᠯᠢᠬᠦ᠂ ᠱᠦᠷᠬᠦᠭᠡᠵᠤ ᠢᠯᠢᠬᠦ᠂ ᠡᠪᠡᠳᠴᠦ ᠪᠠᠶᠢᠭ᠎ᠠ ᠭᠡᠰᠡᠭ ᠲᠤ ᠨᠢᠳᠠᠷᠠᠵᠤ ᠢᠯᠢᠬᠦ᠂ ᠬᠦᠵᠦᠬᠦᠦ ᠶᠢ ᠨᠢ ᠰᠢᠪᠳᠤᠷᠠᠵᠤ ᠢᠯᠢᠬᠦ᠂ ᠨᠤᠬᠤᠯᠠᠵᠤ ᠢᠯᠢᠬᠦ᠂ ᠬᠤᠶᠠᠷ ᠬᠦᠮᠦᠰᠭᠡ ᠶᠢᠨ ᠬᠤᠭᠤᠷᠤᠨᠳᠤ ᠪᠦᠮᠪᠦᠷᠢᠳᠡᠬᠦᠯᠦᠨ ᠱᠦᠷᠬᠦᠭᠡᠵᠤ ᠢᠯᠢᠬᠦ᠂ ᠬᠤᠶᠠᠷ ᠬᠦᠮᠦᠰᠭᠡ ᠶᠢᠨ ᠠᠰ ᠲᠡᠭᠡᠷ᠎ᠡ ᠭᠡᠰᠡᠭ ᠬᠢᠬᠡᠳ ᠴᠢᠮᠠᠷᠬᠠᠢ ᠶᠢᠨ ᠪᠡᠯᠴᠢᠷ ᠲᠤ ᠨᠢ ᠰᠢᠭᠢᠳᠭᠡᠵᠤ ᠱᠦᠷᠬᠦᠭᠡᠵᠤ ᠢᠯᠢᠨ᠎ᠡ᠃      ᠰᠤᠪᠢᠯᠠᠯᠲᠠ ᠬᠢᠬᠦ ᠳᠤ ᠪᠠᠨ ᠨᠡᠮ ᠰᠡᠯᠡᠬᠦᠦ ᠰᠡᠷᠢᠬᠦᠨ ᠰᠢᠭ ᠭᠠᠵᠠᠷ ᠲᠤ ᠲᠤᠯᠤᠭᠠᠢ ᠶᠢ ᠨᠢ ᠦᠨᠳᠦᠷ ᠲᠤ ᠲᠡᠷᠡᠯᠡᠬᠦᠯᠵᠤ ᠬᠡᠪᠳᠡᠬᠦᠯᠦᠨ᠎ᠡ᠃ ᠨᠠᠷᠠᠨ ᠤ ᠬᠤᠷᠴᠠ ᠬᠡᠷᠡᠯ᠂ ᠭᠠᠯ ᠤᠨ ᠢᠯᠴᠢ ᠶᠢ ᠡᠪᠡᠳᠴᠢᠲᠡᠨ ᠳᠤ ᠦᠵᠡᠬᠦᠯᠬᠦ ᠦᠭᠡᠢ᠂ ᠦᠢᠮᠡᠭᠡᠨ ᠱᠤᠤᠬᠢᠶᠠᠨ ᠠᠴᠠ ᠵᠠᠶᠢᠯᠠᠭᠤᠯᠵᠤ ᠨᠡᠩ ᠢᠯᠠᠩᠭᠤᠶ᠎ᠠ ᠠᠯᠬᠤᠵᠤ ᠭᠡᠰᠬᠢᠬᠦ ᠳᠤ ᠪᠠᠨ ᠠᠯᠭᠤᠷ ᠠᠭᠠᠵᠢᠮ ᠲᠡᠭᠰᠢ ᠪᠠᠶᠢᠬᠤ ᠬᠡᠷᠡᠭᠲᠡᠢ᠃ ᠢᠳᠡᠭᠡᠨ ᠤᠮᠳᠠᠭᠠᠨ ᠢ ᠬᠢᠴᠢᠶᠡᠵᠤ᠂ ᠰᠢᠩᠭᠡᠨ ᠪᠤᠳᠠᠭ᠎ᠠ᠂ ᠰᠦ ᠲᠠᠷᠠᠭ᠂ ᠵᠢᠮᠢᠰ ᠤᠨ ᠵᠦᠢᠯ ᠵᠡᠷᠭᠡ ᠢᠳᠡᠭᠡᠨ ᠢ ᠴᠢᠳᠠᠬᠤ ᠨᠦᠬᠦᠴᠡᠯ ᠳᠤ ᠢᠯᠡᠬᠦᠭᠡᠨ ᠢᠳᠡᠬᠦᠯᠵᠤ ᠪᠠᠶᠢᠪᠠᠯ ᠰᠠᠶᠢᠨ ᠪᠠᠶᠢᠳᠠᠭ᠃      9᠂ ᠦᠶ᠎ᠡ ᠶᠢᠨ ᠮᠤᠯᠳᠤᠷᠠᠯ ᠢ ᠵᠠᠰᠠᠬᠤ ᠶᠤᠰᠤᠨ      ᠦᠶ᠎ᠡ ᠭᠡᠳᠡᠭ ᠪᠣᠯ ᠬᠤᠶᠠᠷ ᠶᠠᠰᠤᠨ ᠤ ᠦᠵᠦᠬᠦᠷ ᠤᠨ ᠬᠤᠭᠤᠷᠤᠨᠳᠤᠬᠢ ᠵᠠᠯᠭᠠᠭᠰᠠᠨ ᠬᠡᠰᠡᠭ ᠢ ᠬᠡᠯᠡᠨ᠎ᠡ᠃ ᠦᠶ᠎ᠡ ᠳᠤ ᠦᠶ᠎ᠡ ᠶᠢᠨ ᠮᠦᠭᠡᠷᠰᠦ᠂ ᠦᠶ᠎ᠡ ᠶᠢᠨ ᠤᠭᠤᠲᠠ᠂ ᠦᠶ᠎ᠡ ᠶᠢᠨ ᠬᠦᠨᠳᠡᠢ ᠪᠠᠷ ᠪᠦᠷᠢᠯᠳᠦᠵᠠᠢ᠂ ᠡᠳᠡᠭᠡᠷ ᠨᠢ ᠨᠦᠢᠲᠠᠨ ᠭᠤᠯᠭᠤᠮᠠᠳᠠᠭᠠᠢ᠂ ᠤᠶᠠᠨ ᠬᠠᠷᠢᠮᠠᠬᠠᠢ ᠪᠠᠶᠢᠳᠠᠭ ᠲᠤᠯᠠ ᠬᠦᠳᠡᠯᠭᠡᠭᠡᠨ ᠬᠢᠬᠦ ᠳᠤ ᠦᠷᠦᠯᠲᠡ ᠶᠢ ᠪᠠᠭᠠᠰᠬᠠᠵᠤ ᠨᠠᠮᠬᠠᠳᠬᠠᠬᠤ ᠦᠢᠯᠡᠳᠦᠯ ᠲᠠᠢ᠃      ᠦᠶ᠎ᠡ ᠶᠢᠨ ᠮᠤᠯᠳᠤᠷᠠᠯ ᠬᠡᠳᠡᠭ ᠨᠢ ᠶᠠᠰᠤᠨ ᠤ ᠬᠤᠭᠤᠷᠤᠨᠳᠤ ᠪᠠᠨ ᠬᠡᠯᠬᠢᠶᠡᠯᠳᠤᠵᠤ ᠪᠠᠶᠢᠭ᠎ᠠ ᠦᠶ᠎ᠡ ᠶᠢᠨ ᠲᠠᠯᠠᠪᠠᠢ ᠨᠢ ᠶᠠᠮᠠᠷ ᠨᠢᠭᠡᠨ ᠰᠢᠯᠳᠠᠭᠠᠨ ᠠᠴᠠ ᠪᠤᠯᠵᠤ ᠡᠷᠡᠬᠦᠯ ᠪᠠᠶᠢᠷᠢ ᠪᠠᠨ ᠠᠯᠳᠠᠬᠤ ᠪᠤᠶᠤ ᠦᠶ᠎ᠡ ᠪᠤᠯᠤᠤ ᠨᠢ ᠲᠦᠰᠢ ᠠᠴᠠ ᠪᠠᠨ ᠰᠢᠯᠵᠢᠬᠦ ᠶᠢ ᠵᠢᠭᠠᠵᠤ ᠪᠤᠢ᠃      ︵1︶ ᠦᠶ᠎ᠡ ᠶᠢᠨ ᠮᠤᠯᠳᠤᠷᠠᠯ ᠢ ᠤᠯᠠᠨ ᠵᠦᠢᠯ ᠬᠤᠪᠢᠶᠠᠨ ᠨᠡᠷᠡᠶᠢᠳᠳᠡᠭ᠂ ᠮᠤᠯᠳᠤᠷᠠᠭᠰᠠᠨ ᠴᠢᠭᠯᠡᠯ ᠢᠶᠠᠷ ᠬᠤᠪᠢᠶᠠᠬᠤ᠂ ᠮᠤᠯᠳᠤᠷᠠᠯ ᠤᠨ ᠬᠡᠮᠵᠢᠶ᠎ᠡ ᠪᠠᠷ ᠬᠤᠪᠢᠶᠠᠬᠤ᠂ ᠮᠤᠯᠳᠤᠷᠠᠯ ᠤᠨ ᠬᠤᠭᠤᠴᠠᠭ᠎ᠠ ᠪᠠᠷ ᠬᠤᠪᠢᠶᠠᠬᠤ᠂ ᠮᠤᠯᠳᠤᠷᠠᠯ ᠤᠨ ᠦᠶ᠎ᠡ ᠶᠢᠨ ᠲᠤᠯᠤᠭᠠᠢ ᠨᠢ ᠭᠠᠳᠠᠷ ᠲᠠᠯ᠎ᠠ ᠳᠤ ᠴᠤᠬᠤᠶᠢᠵᠤ ᠭᠠᠷᠤᠭᠰᠠᠨ ᠡᠰᠡᠬᠦ ᠪᠠᠷ ᠬᠤᠪᠢᠶᠠᠬᠤ᠂ ᠦᠶ᠎ᠡ ᠶᠢᠨ ᠪᠢᠳᠡᠬᠦᠦ ᠮᠤᠯᠳᠤᠷᠠᠯ᠂ ᠦᠶ᠎ᠡ ᠶᠢᠨ ᠵᠠᠳᠠᠭᠠᠢ ᠮᠤᠯᠳᠤᠷᠠᠯ ᠭᠡᠵᠤ ᠬᠤᠪᠢᠶᠠᠨ᠎ᠠ᠃     ︵2︶ ᠦᠶ᠎ᠡ ᠮᠤᠯᠳᠤᠷᠠᠭᠰᠠᠨ ᠰᠢᠨᠵᠢ ᠲᠡᠮᠳᠡᠭ᠃ ᠡᠪᠡᠳᠬᠦ ᠪᠠ ᠬᠠᠪᠤᠳᠬᠤ     ︵3︶ ᠦᠶ᠎ᠡ ᠶᠢᠨ ᠮᠤᠯᠳᠤᠷᠠᠯ ᠢ ᠵᠠᠰᠠᠬᠤ᠃ ᠦᠶ᠎ᠡ ᠮᠤᠯᠳᠤᠷᠠᠭᠰᠠᠨ ᠢ ᠡᠮᠴᠢᠯᠠᠵᠤ ᠪᠠᠷᠢᠬᠤ ᠠᠷᠭ᠎ᠠ ᠪᠠ ᠢᠯᠢᠬᠦ ᠠᠷᠭ᠎ᠠ ᠨᠢ ᠶᠡᠷᠦᠩᠬᠡᠢ ᠳᠤ ᠪᠠᠨ ᠶᠠᠰᠤᠨ ᠤ ᠬᠤᠭᠤᠷᠠᠯᠲᠠ ᠶᠢ ᠵᠠᠰᠠᠬᠤ ᠠᠷᠭ᠎ᠠ ᠲᠠᠢ ᠠᠳᠠᠯᠢᠪᠳᠤᠷ ᠪᠠᠶᠢᠳᠠᠭ᠂ ᠦᠶ᠎ᠡ ᠮᠤᠯᠳᠤᠷᠠᠭᠰᠠᠨ ᠲᠠᠷᠤᠢ ᠳᠤ ᠨᠢ ᠲᠠᠳᠮᠠᠭᠠᠢ ᠭᠠᠷ ᠤᠨ ᠠᠪᠤᠯᠭ᠎ᠠ ᠪᠠᠷ ᠤᠷᠤᠨ ᠳᠤ ᠨᠢ ᠤᠷᠤᠭᠤᠯᠬᠤ ᠬᠡᠷᠡᠭᠲᠡᠢ᠃     ᠮᠦᠷᠦ ᠶᠢᠨ ᠦᠶ᠎ᠡ ᠶᠢᠨ ᠮᠤᠯᠳᠤᠷᠠᠯ ᠢ ᠵᠠᠰᠠᠬᠤ᠄      ᠲᠡᠭᠰᠢᠯᠡᠵᠤ ᠪᠠᠷᠢᠬᠤ — ᠡᠪᠡᠳᠴᠢᠲᠡᠨ ᠢ ᠲᠦᠪ ᠰᠠᠭᠤᠯᠭᠠᠭᠠᠳ ᠨᠢᠭᠡᠨ ᠬᠠᠪᠰᠤᠷᠤᠭᠴᠢ ᠠᠷᠤ ᠲᠠᠯ᠎ᠠ ᠳᠤ ᠨᠢ ᠵᠤᠭᠰᠤᠵᠤ᠂ ᠡᠪᠡᠳᠴᠢᠲᠡᠨ ᠢ ᠲᠤᠭᠳᠠᠪᠤᠷᠢᠲᠠᠢ ᠪᠠᠶᠢᠯᠭᠠᠨ᠎ᠠ᠃ ᠦᠷᠭᠡᠨ ᠪᠦᠰᠡ ᠪᠠᠷ ᠮᠤᠯᠳᠤᠷᠠᠭᠰᠠᠨ ᠰᠤᠭᠤ ᠶᠢᠨ ᠲᠤᠤᠭᠤᠷ᠂ ᠴᠡᠭᠡᠵᠢᠨ ᠤ ᠠᠷᠤ ᠦᠪᠦᠷ ᠲᠠᠯ᠎ᠠ ᠪᠠᠷ ᠨᠢ ᠤᠷᠤᠭᠤᠯᠤᠨ ᠬᠠᠪᠴᠢᠵᠤ᠂ ᠮᠤᠯᠳᠤᠷᠠᠭᠰᠠᠨ ᠲᠡᠭᠡᠳᠦ ᠮᠦᠴᠢ ᠶᠢᠨ ᠲᠤᠬᠤᠢ ᠶᠢᠨ ᠬᠡᠰᠡᠭ ᠪᠠ ᠪᠠᠭᠤᠤ ᠶᠢᠨ ᠲᠡᠭᠡᠳᠦ ᠬᠡᠰᠡᠭ ᠢ ᠠᠳᠬᠤᠵᠤ ᠭᠠᠳᠠᠭᠰᠢ ᠲᠠᠳᠠᠨ᠎ᠠ᠃ ᠡᠨᠡ ᠮᠡᠳᠦ ᠬᠤᠶᠠᠷ ᠲᠠᠯ᠎ᠠ ᠶᠢᠨ ᠲᠡᠩᠴᠡᠬᠦᠷᠢ ᠬᠦᠴᠦᠨ ᠢᠶᠠᠷ ᠡᠰᠡᠷᠬᠦ ᠴᠢᠭᠯᠡᠯ ᠢᠶᠠᠷ ᠲᠡᠲᠡᠵᠤ ᠪᠠᠶᠢᠬᠤ ᠦᠶ᠎ᠡ ᠳᠤ ᠪᠠᠷᠢᠶᠠᠴᠢ ᠠᠴᠠ ᠲᠠᠯᠦ ᠶᠢᠨ ᠶᠠᠰᠤᠨ ᠤ ᠬᠤᠩᠰᠢᠶᠠᠷ ᠢ ᠬᠤᠶᠠᠷ ᠡᠷᠡᠬᠡᠢ ᠬᠤᠷᠤᠭᠤ ᠪᠠᠷ ᠢᠶᠠᠨ ᠲᠠᠷᠤᠵᠤ᠂ ᠨᠦᠬᠦᠭᠡ ᠨᠠᠢᠮᠠᠨ ᠬᠤᠷᠤᠭᠤ ᠪᠠᠷ ᠢᠶᠠᠨ ᠡᠪᠡᠳᠴᠢᠲᠡᠨ ᠤ ᠰᠤᠭᠤᠨ ᠳᠤ ᠨᠢ ᠪᠠᠶᠢᠬᠤ ᠠᠳᠬᠤᠭᠠᠯ ᠤᠨ ᠲᠤᠯᠤᠭᠠᠢ ᠶᠢ ᠭᠠᠳᠠᠭᠰᠢ ᠪᠦᠭᠡᠳ ᠲᠡᠭᠡᠭᠰᠢ ᠭᠤᠬᠠᠳᠠᠵᠤ ᠲᠠᠳᠠᠨ᠎ᠠ᠃ ᠡᠨᠡ ᠦᠶ᠎ᠡ ᠳᠤ ᠲᠤᠬᠤᠢ ᠶᠢᠨ ᠬᠡᠰᠡᠭ ᠢ ᠠᠳᠬᠤᠭᠰᠠᠨ ᠬᠠᠪᠰᠤᠷᠤᠭᠴᠢ ᠠᠴᠠ ᠲᠡᠭᠡᠳᠦ ᠮᠦᠴᠢ ᠶᠢ ᠨᠢ ᠲᠤᠳᠤᠭᠰᠢ ᠡᠷᠬᠢᠬᠦᠯᠦᠨ ᠬᠤᠷᠢᠶᠠᠬᠤ ᠳᠤ ᠠᠳᠬᠤᠭᠠᠯ ᠤᠨ ᠲᠤᠯᠤᠭᠠᠢ ᠨᠢ ᠪᠠᠶᠢᠷᠢᠨ ᠳᠤ ᠪᠠᠨ ᠤᠷᠤᠭᠰᠠᠨ ᠰᠡᠷᠡᠯᠲᠡ ᠮᠡᠳᠡᠭᠳᠡᠬᠦ ᠶᠤᠮ᠃ ᠪᠠᠶᠢᠷᠢᠨ ᠳᠤ ᠨᠢ ᠤᠷᠤᠭᠤᠯᠤᠭᠰᠠᠨ ᠤ ᠲᠠᠷᠠᠭ᠎ᠠ᠂ ᠲᠤᠬᠤᠢ ᠶᠢᠨ ᠦᠶ᠎ᠡ ᠶᠢ ᠨᠢ ᠲᠡᠭᠰᠢ ᠦᠨᠴᠦᠭ ᠢᠶᠠᠷ ᠬᠦᠵᠦᠬᠦᠨ ᠠᠴᠠ ᠨᠢ ᠲᠤᠯᠤᠭ᠎ᠠ ᠬᠤᠨᠤᠭ ᠲᠡᠬᠦᠵᠢᠯᠡᠪᠡᠯ ᠪᠤᠯᠴᠢᠬᠠᠨ᠎ᠠ᠃       ᠢᠯᠢᠬᠦ ᠵᠠᠰᠠᠯ — ᠡᠳᠦᠷ ᠪᠦᠷᠢ ᠬᠠᠷ᠎ᠠ ᠠᠷᠢᠬᠢ ᠪᠠᠷ ᠮᠦᠷᠦᠨ ᠤ ᠦᠶ᠎ᠡ ᠶᠢᠨ ᠢᠶᠠᠨ ᠠᠷᠤ ᠦᠪᠦᠷ ᠭᠠᠳᠠᠷ ᠬᠡᠰᠡᠭ ᠲᠤ ᠨᠢ ᠨᠢᠳᠡᠷᠡᠵᠤ ᠢᠯᠢᠬᠦ᠂ ᠬᠦᠨᠳᠡᠯᠡᠨ ᠴᠢᠭᠯᠡᠯ ᠢᠶᠠᠷ ᠱᠦᠷᠬᠦᠭᠡᠵᠤ ᠢᠯᠢᠬᠦ᠂ ᠲᠠᠯᠤ ᠶᠢᠨ ᠬᠡᠰᠡᠭ ᠲᠤ ᠨᠢ ᠲᠠᠷᠤᠵᠤ ᠢᠯᠢᠬᠦ᠂ ᠬᠦᠵᠦᠬᠦᠨ ᠤ ᠬᠡᠰᠡᠭ ᠲᠤ ᠨᠢ ᠰᠢᠪᠳᠤᠷᠠᠵᠤ ᠢᠯᠢᠬᠦ᠂ ᠠᠳᠬᠤᠭᠠᠯ ᠤᠨ ᠬᠡᠰᠡᠭ ᠲᠤ ᠨᠢ ᠪᠦᠮᠪᠦᠷᠢᠬᠦᠯᠦᠨ ᠢᠯᠢᠬᠦ ᠮᠡᠳᠦ ᠪᠠᠷ ᠵᠠᠰᠠᠨ᠎ᠠ᠃ ᠡᠮ ᠤᠨ ᠵᠦᠢᠯ ᠤᠨ ᠵᠠᠰᠠᠯ ᠲᠠᠢ ᠤᠶᠠᠯᠳᠤᠭᠤᠯᠤᠨ᠂ ᠠᠵᠢᠯᠯᠠᠭ᠎ᠠ ᠶᠢᠨ ᠪᠤᠯᠪᠠᠰᠤᠷᠠᠯ ᠢ ᠭᠤᠷᠪᠠᠳᠤᠭᠠᠷ ᠡᠳᠦᠷ ᠠᠴᠠ ᠡᠬᠢᠯᠡᠨ ᠮᠦᠷᠦᠨ ᠤ ᠦᠶ᠎ᠡ ᠶᠢ ᠨᠢ ᠠᠳᠤᠷᠢᠭᠤᠯᠵᠤ ᠵᠢᠬᠢᠯᠭᠡᠬᠦ᠂ ᠲᠤᠯᠤᠭᠠᠨ ᠡᠳᠦᠷ ᠢ ᠦᠩᠭᠡᠷᠡᠪᠡᠯ ᠬᠡᠮᠳᠦᠭᠰᠡᠨ ᠮᠦᠷᠦ ᠶᠢᠨ ᠮᠦᠴᠢ ᠶᠢ ᠨᠢ ᠲᠡᠭᠡᠭᠰᠢ ᠡᠷᠬᠦᠬᠦ ᠮᠡᠳᠦ ᠪᠠᠷ ᠪᠤᠯᠪᠠᠰᠤᠷᠠᠭᠤᠯᠤᠨ᠎ᠠ᠃      ᠡᠪᠴᠢᠬᠦᠦ — ᠡᠬᠡᠮ ᠤᠨ ᠶᠠᠰᠤᠨ ᠤ ᠦᠶ᠎ᠡ ᠶᠢᠨ ᠮᠤᠯᠳᠤᠷᠠᠯ ᠪᠣᠯ ᠤᠯᠠᠩᠬᠢ ᠳᠤ ᠪᠠᠨ ᠲᠠᠮ ᠲᠤᠰᠬᠤ ᠬᠦᠴᠦᠨ ᠠᠴᠠ ᠪᠤᠯᠳᠠᠭ᠃ ᠮᠦᠷᠦᠨ ᠤ ᠬᠡᠰᠡᠭ ᠨᠢ ᠭᠠᠳᠠᠭᠠᠳᠤ ᠬᠦᠴᠦᠨ ᠤ ᠴᠤᠬᠢᠯᠲᠠ ᠶᠢ ᠤᠯᠬᠤ ᠳᠤ ᠡᠬᠡᠮ ᠤᠨ ᠶᠠᠰᠤ ᠨᠢ ᠬᠦᠰᠢᠭᠳᠡᠵᠤ ᠮᠤᠯᠳᠤᠷᠠᠳᠠᠭ ᠶᠤᠮ᠂ ᠭᠠᠳᠠᠭᠠᠳᠤ ᠴᠤᠬᠢᠯᠲᠠ ᠶᠢᠨ ᠬᠦᠴᠦᠨ ᠨᠢ ᠮᠦᠷᠦᠨ ᠤ ᠬᠡᠰᠡᠭ ᠲᠤ ᠠᠳᠠᠯᠢ ᠪᠤᠰᠤ ᠴᠢᠭᠯᠡᠯ ᠢᠶᠠᠷ ᠲᠤᠰᠬᠤ ᠲᠤᠯᠠ ᠡᠪᠴᠢᠬᠦᠦ ᠡᠭᠡᠮ ᠤᠨ ᠦᠶ᠎ᠡ ᠨᠢ ᠡᠮᠦᠨᠡᠰᠢ ᠬᠤᠶᠢᠰᠢ ᠪᠠᠨ ᠮᠤᠯᠳᠤᠷᠠᠳᠠᠭ ᠶᠤᠮ᠃ ᠡᠬᠦᠨ ᠳᠤ ᠡᠮᠦᠨᠡᠰᠢ ᠪᠠᠨ ᠮᠤᠯᠳᠤᠷᠠᠬᠤ ᠨᠢ ᠤᠯᠠᠨ ᠪᠠᠶᠢᠳᠠᠭ᠃      ᠤᠨᠤᠰᠢ ᠲᠠᠯᠪᠢᠬᠤ — ᠡᠪᠡᠳᠴᠢᠯᠡᠭᠰᠡᠨ ᠬᠡᠰᠡᠭ ᠲᠤ ᠨᠢ ᠴᠢᠰᠤᠨ ᠲᠤᠯᠪᠤ ᠪᠤᠢ ᠪᠤᠯᠵᠤ ᠬᠠᠪᠤᠳᠳᠠᠭ᠃ ᠡᠬᠡᠮ ᠤᠨ ᠶᠠᠰᠤᠨ ᠤ ᠲᠤᠤᠷᠠᠳᠤ ᠲᠤᠯᠤᠭᠠᠢ ᠶᠢᠨ ᠭᠡᠰᠡᠭ ᠨᠢ ᠠᠷᠠᠰᠤᠨ ᠲᠤᠤᠷ᠎ᠠ ᠬᠦᠳᠦ᠋ᠢᠵᠤ ᠭᠠᠷᠤᠨ᠎ᠠ᠃      ᠡᠮᠴᠢᠯᠡᠨ ᠵᠠᠰᠠᠬᠤ — ᠡᠪᠡᠳᠴᠢᠲᠡᠨ ᠢ ᠲᠦᠪ ᠰᠠᠭᠤᠯᠭᠠᠵᠤ᠂ ᠬᠠᠪᠰᠤᠷᠤᠭᠴᠢ ᠠᠴᠠ ᠡᠪᠡᠳᠴᠢᠲᠡᠨ ᠤ ᠬᠡᠮᠳᠦᠭᠰᠡᠨ ᠭᠠᠷ ᠢ ᠭᠠᠳᠠᠭᠰᠢ ᠲᠡᠭᠡᠭᠰᠢ ᠡᠷᠬᠦᠵᠤ ᠲᠠᠳᠠᠬᠤ ᠲᠠᠢ ᠪᠠᠨ ᠵᠡᠷᠭᠡᠪᠡᠷ ᠪᠠᠷᠢᠶᠠᠴᠢ ᠠᠴᠠ ᠵᠡᠬᠦᠨ ᠭᠠᠷ ᠢᠶᠠᠷ ᠢᠶᠠᠨ ᠲᠠᠯᠤ ᠶᠢᠨ ᠬᠡᠰᠡᠭ ᠲᠤ ᠨᠢ ᠲᠦᠰᠢᠵᠤ᠂ ᠪᠠᠷᠠᠭᠤᠨ ᠭᠠᠷ ᠤᠨ ᠡᠷᠡᠭᠡᠢ ᠬᠤᠷᠤᠭᠤ ᠪᠠᠷ ᠢᠶᠠᠨ ᠡᠪᠡᠳᠴᠢᠯᠡᠭᠰᠡᠨ ᠡᠬᠡᠮ ᠤᠨ ᠶᠠᠰᠤᠨ ᠤ ᠲᠤᠳᠤᠷ᠎ᠠ ᠬᠡᠰᠡᠭ ᠲᠤ ᠬᠦᠴᠦᠲᠠᠢ ᠲᠠᠷᠤᠬᠤ ᠳᠤ ᠫᠦᠰ ᠬᠡᠬᠦ ᠲᠠᠭᠤᠨ ᠭᠠᠷᠴᠤ ᠮᠤᠯᠳᠤᠷᠠᠭᠰᠠᠨ ᠦᠶ᠎ᠡ ᠨᠢ ᠤᠷᠤᠨ ᠳᠤ ᠪᠠᠨ ᠤᠷᠤᠳᠠᠭ ᠶᠤᠮ᠃ ᠤᠤᠯ ᠤᠨ ᠤᠷᠤᠨ ᠳᠤ ᠨᠢ ᠤᠷᠤᠭᠤᠯᠤᠭᠰᠠᠨ ᠤ ᠰᠡᠬᠦᠯᠡᠷ ᠮᠤᠯᠳᠤᠷᠠᠭᠰᠠᠨ ᠬᠡᠰᠡᠭ ᠢ ᠨᠢ ᠬᠤᠷᠢᠨ ᠨᠢᠭᠡᠨ ᠡᠳᠦᠷ ︽S︾ ᠬᠡᠯᠪᠡᠷᠢ ᠪᠠᠷ ᠱᠠ ᠪᠦᠰ ᠢᠶᠠᠷ ᠪᠠᠬᠢᠯᠡᠵᠤ ᠲᠤᠭᠲᠠᠭᠠᠨ᠎ᠠ᠃ ᠡᠳᠦᠷ ᠪᠦᠷᠢ ᠬᠠᠷ᠎ᠠ ᠠᠷᠢᠬᠢ ᠪᠠᠷ ᠮᠤᠯᠳᠤᠷᠠᠭᠰᠠᠨ ᠬᠡᠰᠡᠭ ᠲᠤ ᠨᠢ ᠲᠠᠷᠤᠵᠤ ᠢᠯᠢᠬᠦ ᠪᠠ ᠨᠢᠷᠤᠭᠤᠨ ᠤ ᠬᠡᠰᠡᠭ ᠲᠤ ᠨᠢ ᠱᠦᠷᠬᠦᠭᠡᠵᠤ ᠢᠯᠢᠬᠦ ᠮᠡᠳᠦ ᠪᠠᠷ ᠵᠠᠰᠠᠨ᠎ᠠ᠃ ᠡᠮ ᠤᠨ ᠵᠠᠰᠠᠯ ᠲᠠᠢ ᠤᠶᠠᠯᠳᠤᠭᠤᠯᠤᠨ ᠬᠦᠳᠡᠯᠭᠡᠭᠡᠨ ᠤ ᠪᠤᠯᠪᠠᠰᠤᠷᠠᠯ ᠬᠢᠯᠭᠡᠵᠤ᠂ ᠬᠡᠮᠳᠦᠭᠰᠡᠨ ᠬᠡᠰᠡᠭ ᠤᠨ ᠮᠦᠷᠦ ᠶᠢ ᠲᠡᠭᠡᠭᠰᠢ ᠡᠮᠦᠨ᠎ᠡ ᠴᠢᠭᠯᠡᠯ ᠢᠶᠠᠷ ᠡᠷᠬᠦᠬᠦ ᠮᠡᠳᠦ ᠶᠢᠨ ᠪᠤᠯᠪᠠᠰᠤᠷᠠᠯ ᠢ ᠬᠢᠯᠭᠡᠨ᠎ᠡ       ︽ᠤᠷᠠᠳ ᠲᠡᠤᠬᠡ ᠰᠤᠶᠤᠯ︾ ᠤᠨ ︵ᠲᠡᠭᠡᠳᠦ ᠲᠡᠪᠲᠡᠷ︶ ᠠᠴᠠ ᠪᠠᠭᠤᠯᠭᠠᠪᠠ     
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ