ᠭᠤᠷᠭᠤᠣᠯᠳᠠᠢ ᠴᠣᠬᠤᠷ
ᠨᠡᠶᠢᠲᠡᠯᠡᠭᠰᠡᠨ ᠴᠠᠭ᠄
2023/12/1
 ᠬᠤᠷᠭᠤᠣᠯᠳᠠᠢ ᠴᠣᠬᠤᠷ ᠢᠶᠠᠨ ᠣᠨᠣᠯ᠎ᠠ ᠳ᠋ᠠ ᠭᠤᠷᠪᠠᠨ  ᠵᠠᠭᠤᠨ ᠮᠠᠯ ᠢ ᠪᠠᠨ ᠠᠳᠣᠭᠤᠯᠠᠯ᠎ᠠ ᠳ᠋ᠠ ᠭᠤᠷᠪᠠᠨ ᠬᠡᠣᠬᠡᠨ ᠤ ᠲᠣᠮᠳᠠ ᠠᠴᠠ ᠬᠦᠬᠡᠷᠦᠬᠦᠢ ᠳ᠋ᠠᠷᠢ ᠶᠢ ᠪᠠᠨ ᠲᠣᠭᠤᠯ᠎ᠠ ᠳ᠋ᠠ ᠣᠳᠠᠢ ᠪᠡᠭᠡᠵᠢᠩ ᠳᠤ  ᠶᠠᠪᠣᠬᠤᠯᠠᠷ ᠣᠴᠢᠷ ᠦᠬᠡᠢ ᠶᠡᠭᠡ ᠣᠬᠢᠯᠠᠭᠰᠠᠨ ᠶᠣᠮ ᠳ᠋ᠠ ᠣᠷᠪᠠᠭᠠᠳ ᠪᠣᠴᠠᠭᠠᠳ ᠢᠷᠡᠭᠦᠯᠡᠷ ᠬᠦᠬᠡᠷᠦᠬᠦᠢ ᠳ᠋ᠠᠷᠢ ᠮᠢᠨᠢ ᠪᠠᠶᠢᠬᠤ ᠦᠭᠡᠢ ᠯᠠ ᠳ᠋ᠠ ᠪᠡᠭᠡᠵᠢᠩ ᠬᠤᠳᠠ ᠳᠠᠭᠠᠨ ᠶᠠᠪᠣᠯ᠎ᠠ ᠪᠡᠯᠡᠭ ᠢ ᠴᠢᠮ᠎ᠠ ᠳᠠᠭᠠᠨ ᠠᠪᠴᠢᠷᠠᠯ᠎ᠠ ᠠᠪᠴᠦ ᠢᠷᠡᠭᠰᠡᠨ ᠪᠡᠯᠡᠭ ᠨᠢ ᠠᠷᠪᠠᠨ ᠡᠷᠢᠭᠡ ᠱᠢᠷᠣ ᠶᠣᠮ ᠰᠠᠷ᠎ᠠ ᠶᠢᠨ ᠭᠠᠵᠠᠷ ᠪᠣᠯᠬᠤ ᠳᠤ ᠰᠣᠪᠢᠩ ᠲᠠᠲᠠᠭᠰᠠᠭᠠᠷ ᠢᠷᠡᠯ᠎ᠠ ᠣᠳᠣᠷ ᠤᠨ ᠭᠠᠵᠠᠷ ᠢᠷᠡᠬᠦ ᠳᠤ ᠦᠬᠡᠢ ᠭᠡᠵᠦ ᠰᠣᠨᠣᠰᠣᠯ᠎ᠠ  ᠡᠬᠦᠳᠠ ᠪᠠᠷ ᠴᠢᠨᠢ ᠭᠠᠷᠬᠤᠯᠠᠷ ᠦᠵᠡᠭᠳᠡᠬᠦ ᠦᠬᠡᠢ ᠪᠠᠶᠢᠨ᠎ᠠ ᠭᠡᠷ ᠲᠡᠭᠡᠨ ᠢᠷᠡᠭᠡᠳ ᠠᠰᠠᠭᠤᠬᠤᠯᠠᠷ ᠬᠦᠬᠡᠷᠦᠬᠦᠢ ᠳ᠋ᠠᠷᠢ ᠮᠢᠨᠢ ᠦᠬᠡᠢ ᠯᠡ ᠪᠠᠶᠢᠨ᠎ᠠ ᠠᠪᠣᠷᠠᠯ ᠦᠬᠡᠢ ᠠᠬ᠎ᠠ ᠳᠡᠭᠦᠦ ᠨᠢ ᠠᠮᠢ ᠶᠢ ᠨᠢ ᠠᠪᠣᠭᠠᠳ ᠬᠠᠶᠠᠴᠢᠬᠠᠯ᠎ᠠ ᠳ᠋ᠠ ᠠᠵᠢᠯ ᠤᠨ ᠪᠢ ᠴᠢᠨᠢ ᠪᠠᠶᠢᠭᠰᠠᠨ ᠪᠣᠯ ᠠᠪᠣᠷᠠᠯ ᠰᠣᠨᠳᠠᠭ ᠢ ᠨᠢ ᠠᠰᠠᠭᠤᠨ᠎ᠠ ᠪᠢᠵᠠ ᠡᠨᠡᠷᠢᠯ ᠦᠬᠡᠢ ᠠᠬ᠎ᠠ ᠳᠡᠭᠦᠦ ᠨᠢ ᠠᠮᠢ  ᠶᠢ ᠨᠢ ᠠᠪᠣᠭᠠᠳ ᠬᠠᠶᠠᠴᠢᠬᠠᠯ᠎ᠠ ᠳ᠋ᠠ ᠡᠩ ᠤᠨ ᠪᠢ ᠴᠢᠨᠢ ᠪᠠᠶᠢᠭᠰᠠᠨ ᠪᠣᠯ ᠡᠮ ᠢ ᠨᠢ ᠵᠠᠯᠭᠠᠭᠠᠳ ᠦᠭᠭᠦᠨ᠎ᠡ ᠪᠢᠵᠠ᠃
微信截图_20231201094333.png
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ