| ᠣᠯᠠᠩᠬᠢ ᠬᠥᠮᠥᠰ ᠪᠦᠷ ᠡᠶᠢᠮᠦ ᠨᠢᠭᠡ ᠣᠶᠢᠯᠠᠭᠠᠯᠲᠠ ᠲᠠᠢ ᠪᠠᠶᠢᠳᠠᠭ᠃ ᠠᠵᠢᠯᠯᠠᠵᠤ ᠰᠤᠷᠤᠯᠴᠠᠭᠰᠠᠨ ᠤ ᠳᠠᠷᠠᠭ᠎ᠠ ᠨᠢᠭᠡ ᠰᠠᠶᠢᠬᠠᠨ ᠲᠠᠭᠤᠤ | ᠬᠥᠭᠵᠢᠮ ᠰᠣᠨᠣᠰᠬᠤ ᠨᠢ ᠰᠡᠳᠬᠢᠯ ᠰᠠᠨᠠᠭ᠎ᠠ ᠶᠢ ᠠᠭᠤᠵᠢᠷᠠᠭᠤᠯᠵᠤ ᠶᠠᠳᠠᠷᠠᠯ ᠵᠦᠳᠡᠷᠡᠯ ᠢ ᠳᠠᠶᠢᠯᠠᠳᠠᠭ ᠭᠡᠵᠦ ᠦᠵᠡᠳᠡᠭ᠃ ᠳᠡᠭᠡᠪᠡᠯ ᠶᠠᠭᠤᠨ ᠳᠤ ᠴᠢᠬᠡᠨ | ᠳᠤ ᠲᠠᠭᠠᠲᠠᠢ ᠲᠠᠭᠤᠤ ᠬᠥᠭᠵᠢᠮ ᠨᠢ ᠡᠷᠡᠭᠦᠯ ᠮᠠᠨᠲᠤ ᠳᠤ ᠠᠰᠢᠭᠲᠠᠢ ᠪᠠᠶᠢᠳᠠᠭ ᠪᠤᠢ︖ | ᠤᠤᠯ ᠨᠢ ᠳᠠᠭᠤᠤ ᠬᠦᠭᠵᠢᠮ ᠰᠣᠨᠣᠰᠬᠤ ᠨᠢ ᠬᠥᠮᠥᠨ ᠤ ᠪᠡᠶ᠎ᠡ ᠳᠤ ᠬᠤᠶᠠᠷ ᠲᠠᠯ᠎ᠠ ᠶᠢᠨ ᠦᠢᠯᠡᠳᠦᠯ ᠦᠵᠡᠭᠦᠯᠳᠡᠭ᠃ | 1᠂ ᠹᠢᠽᠦ᠋ᠯᠣᠬᠢ ᠶᠢᠨ ᠲᠠᠯ᠎ᠠ ᠶᠢᠨ ᠦᠢᠯᠡᠳᠦᠯ᠃ ᠣᠶᠠᠬᠠᠨ ᠵᠥᠭᠡᠯᠡᠨ ᠡᠶᠡᠲᠡᠶᠢᠬᠡᠨ ᠳᠠᠭᠤᠤ ᠬᠥᠭᠵᠢᠮ ᠪᠣᠯᠣᠨ ᠡᠷᠡᠭᠦᠯ ᠬᠥᠮᠥᠨ ᠹᠢᠽᠦ᠋ᠯᠣᠬᠢ ᠶᠢᠨ | ᠠᠵᠢᠯᠯᠠᠭ᠎ᠠ ᠶᠢᠨ ᠠᠶᠢᠵᠠᠮ ᠲᠠᠢ ︽ᠴᠣᠣᠷᠠᠢ︾ ᠡᠭᠦᠰᠳᠡᠭ ᠠᠴᠠ ᠬᠥᠮᠥᠰ ᠤᠨ ᠡᠷᠭᠢᠯᠲᠡ ᠶᠢᠨ ᠰᠢᠰᠲ᠋ᠧᠮ ᠪᠠ ᠠᠮᠢᠰᠬᠤᠯ ᠤᠨ ᠰᠢᠰᠲ᠋ᠧᠮ ᠤᠨ ᠬᠡᠪ | ᠤᠨ ᠠᠵᠢᠯᠯᠠᠭ᠎ᠠ ᠶᠢ ᠪᠠᠳᠤᠯᠠᠬᠤ ᠳᠤ ᠠᠰᠢᠭᠲᠠᠢ ᠪᠠᠶᠢᠳᠠᠭ᠃ ᠪᠠᠰᠠ ᠴᠢᠰᠤᠨ ᠳᠠᠷᠤᠯᠲᠠ ᠶᠢ ᠲᠣᠷᠣᠭᠰᠢᠯᠠᠭᠤᠯᠵᠤ᠂ ᠡᠪᠡᠳᠬᠦ ᠶᠢ ᠨᠠᠮᠲᠠᠭᠠᠨ᠂ ᠢᠳᠡᠭᠡᠨ ᠤ | ᠲᠣᠷᠠᠰᠢᠯ ᠢ ᠠᠬᠢᠭᠤᠯᠬᠤ ᠪᠠ ᠰᠢᠩᠭᠡᠭᠡᠯᠲᠠ ᠢ ᠰᠠᠶᠢᠵᠠᠷᠠᠭᠤᠯᠳᠠᠭ ᠦᠢᠯᠡᠳᠦᠯ ᠲᠠᠢ᠃ | 2. ᠰᠡᠳᠬᠢᠴᠠ ᠶᠢᠨ ᠲᠠᠯ᠎ᠠ ᠶᠢᠨ ᠦᠢᠯᠡᠳᠦᠯ᠃ ᠴᠢᠬᠢᠨ ᠳᠤ ᠲᠠᠭᠠᠲᠠᠢ ᠳᠠᠭᠤᠤ ᠬᠥᠭᠵᠢᠮ ᠨᠢ ᠬᠥᠮᠥᠰ ᠢ ᠪᠠᠶᠠᠷ ᠪᠠᠶᠠᠰᠬᠤᠯᠠᠩᠲᠠᠢ ᠪᠣᠯᠭᠠᠵᠤ᠂ ᠤᠷᠮ᠎ᠠ | ᠵᠣᠷᠢᠭ ᠤᠨ ᠪᠠᠴᠢᠮᠳᠠᠩᠭᠤᠢ ᠪᠠᠶᠢᠳᠠᠯ ᠢ ᠨᠠᠮᠳᠠᠭᠤᠯᠳᠠᠭ ᠃ | ᠣᠳᠣᠬᠠᠨ ᠳᠤ᠂ ᠡᠷᠳᠡᠮᠳᠡᠳ ᠤᠨ ᠰᠤᠳᠤᠯᠤᠭᠰᠠᠨ ᠢᠶᠠᠷ᠂ ᠦᠷᠭᠦᠯᠵᠢ ᠳᠠᠭᠤᠤ ᠬᠥᠭᠵᠢᠮ ᠰᠣᠨᠣᠰᠬᠤ ᠪᠠ ᠬᠡᠦᠬᠡᠳ ᠤᠨ ᠳᠠᠭᠤᠤ ᠳᠠᠭᠤᠯᠠᠬᠤ | ᠳᠤᠷᠠᠲᠠᠢ ᠬᠡᠦᠬᠡᠳ ᠢᠯᠡᠭᠦᠦ ᠴᠣᠪᠣᠭᠤ ᠰᠡᠷᠭᠦᠯᠡᠩ ᠪᠠᠶᠢᠳᠠᠭ᠃ ᠳᠠᠭᠤᠤ ᠬᠥᠭᠵᠢᠮ ᠳᠤ ᠪᠠᠭ᠋ᠠᠲᠠᠢ ᠨᠠᠰᠤᠲᠠᠳ ᠤᠷᠲᠤ ᠨᠠᠰᠤᠯᠠᠳᠠᠭ᠃ | — ︽ᠡᠷᠡᠭᠦᠯ ᠮᠠᠨᠳᠤ ᠶᠢ ᠵᠦᠪᠳᠡᠯᠴᠡᠬᠦ ᠰᠣᠨᠢᠨ︾ ᠠᠴᠠ ᠠᠪᠤᠪᠠ | | | |