ᠦᠳᠡᠰᠢ ᠪᠦᠷᠢ ᠤᠨᠲᠠᠬᠤ ᠠᠴᠠ ᠪᠠᠨ ᠡᠮᠦᠨ᠎ᠡ ᠬᠤᠶᠠᠷ ᠭᠠᠷ ᠤᠨ ᠠᠯᠠᠭ᠎ᠠ ᠪᠠᠨ ᠬᠠᠯᠠᠲᠠᠯ᠎ᠠ ᠱᠦᠷᠭᠦᠭᠡᠵᠦ᠂ ᠨᠢᠷᠤᠭᠤᠨ ᠤ ᠬᠤᠶᠠᠷ ᠲᠠᠯ᠎ᠠ ᠠᠴᠠ | ᠳᠠᠷᠤᠨ᠎ᠠ᠃ ᠪᠠᠷᠠᠭᠰᠠᠨ ᠤ ᠳᠠᠷᠠᠭ᠎ᠠ ᠬᠤᠶᠠᠷ ᠠᠯᠠᠭ᠎ᠠ ᠪᠠᠷ ᠢᠶᠠᠨ ᠳᠡᠭᠡᠭᠰᠢ ᠳᠣᠷᠣᠭᠰᠢ ᠲᠣᠰ ᠲᠣᠰ 36 ᠣᠳᠠᠭ᠎ᠠ ᠱᠦᠷᠭᠦᠭᠡᠨ᠎ᠡ᠃ ᠨᠢᠷᠤᠭᠤ ᠪᠠᠨ | ᠱᠦᠷᠭᠦᠭᠡᠵᠦ ᠪᠠᠷᠠᠭᠰᠠᠨ ᠤ ᠳᠠᠷᠠᠭ᠎ᠠ ᠬᠤᠶᠠᠷ ᠴᠢᠬᠢ ᠪᠠᠨ ᠮᠥᠨ ᠬᠠᠯᠠᠲᠠᠯ᠎ᠠ ᠨᠢ 36 ᠣᠳᠠᠭ᠎ᠠ ᠱᠦᠷᠭᠦᠭᠡᠨ᠎ᠡ᠃ ᠢᠩᠭᠢᠪᠡᠯ ᠬᠠᠮᠤᠭ ᠪᠡᠶ᠎ᠡ ᠠᠴᠠ | ᠬᠥᠯᠥᠰᠦ ᠭᠠᠷᠴᠤ ᠪᠦᠬᠦ ᠪᠡᠶ᠎ᠡ ᠶᠢᠨ ᠢᠯᠴᠢ ᠨᠡᠮᠡᠭᠳᠡᠬᠦ ᠪᠣᠯᠣᠨ᠎ᠠ᠃ ᠡᠨᠡ ᠮᠡᠲᠦ ᠪᠠᠷ ᠡᠳᠦᠷ ᠪᠦᠷᠢ ᠨᠢᠭᠡ ᠤᠳᠠᠭ᠎ᠠ᠂ ᠤᠳᠠᠭ᠎ᠠ ᠪᠦᠷᠢ 15 ᠮᠢᠨᠦ᠋ᠲ | ᠣᠷᠴᠢᠮ ᠬᠢᠪᠡᠯ ᠪᠣᠯᠴᠢᠬᠠᠨ᠎ᠠ᠃ 7 ᠡᠳᠦᠷ ᠨᠢᠭᠡ ᠪᠣᠯᠪᠠᠰᠤᠷᠠᠯ ᠤᠨ ᠬᠤᠭᠤᠴᠠᠭ᠎ᠠ ᠪᠠᠷ ᠪᠠᠷᠢᠮᠳᠠᠯᠠᠪᠠᠯ ᠨᠡᠩ ᠰᠠᠶᠢᠨ ᠃ | | ᠬᠠᠮᠤᠭ ᠤᠨ ᠲᠣᠬᠢᠷᠠᠮᠵᠢᠲᠠᠢ ᠳᠣᠯᠣᠭᠠᠨ ᠴᠠᠭ | ︵1︶ ᠪᠡᠶ᠎ᠡ ᠤᠬᠢᠶᠠᠬᠤ ᠬᠠᠮᠤᠭ ᠲᠣᠬᠢᠷᠠᠮᠵᠢᠲᠠᠢ ᠴᠠᠭ : ᠤᠨᠲᠠᠬᠤ ᠠᠴᠠ ᠡᠮᠦᠨ᠎ᠡ᠃ | ︵2︶ ᠪᠡᠶ᠎ᠡ ᠪᠣᠯᠪᠠᠰᠤᠷᠠᠬᠤ ᠬᠠᠮᠤᠭ ᠤᠨ | ᠲᠣᠬᠢᠷᠠᠮᠵᠢᠲᠠᠢ ᠴᠠᠭ᠂ ᠦᠳᠡᠰᠢ᠃ | ︵3︶ ᠤᠲᠠᠬᠤ ᠬᠠᠮᠤᠭ ᠤᠨ ᠲᠣᠬᠢᠷᠠᠮᠵᠢᠲᠠᠢ ᠴᠠᠭ᠂ ᠰᠥᠨᠢ 10 —11 ᠴᠠᠭ᠂ ᠦᠳᠡ ᠳᠤ :1 ᠴᠠᠭ᠃ | ︵4︶ ᠭᠠᠳᠠᠭᠤᠷ ᠠᠯᠬᠤᠬᠤ ᠬᠠᠮᠤᠭ ᠤᠨ ᠲᠣᠬᠢᠷᠠᠮᠵᠢᠲᠠᠢ ᠴᠠᠭ᠂ ᠬᠤᠭᠤᠯᠠᠨ ᠤ ᠳᠠᠷᠠᠭ᠎ᠠ 45 ᠮᠢᠨᠦ᠋ᠲ᠃ | ︵5︶᠂ ᠰᠢᠳᠣ ᠤᠬᠢᠶᠠᠬᠤ ᠬᠠᠮᠤᠭ ᠤᠨ ᠲᠣᠬᠢᠷᠠᠮᠵᠢᠲᠠᠢ ᠴᠠᠭ᠄ ᠬᠤᠭᠤᠯᠠᠨ ᠤ ᠳᠠᠷᠠᠭ᠎ᠠ 3 ᠮᠢᠨᠦ᠋ᠲ᠃ | ︵6︶ ᠴᠣᠩᠬᠤ ᠨᠡᠭᠡᠭᠡᠬᠦ ᠬᠠᠮᠤᠭ ᠤᠨ ᠲᠣᠬᠢᠷᠠᠮᠵᠢᠲᠠᠢ ᠴᠠᠭ : ᠥᠷᠯᠥᠭᠡ 9 —11 ᠴᠠᠭ᠂ ᠦᠳᠡ ᠳᠤ 2 - 4 ᠴᠠᠭ᠃ | ︵7︶ ᠵᠢᠮᠢᠰ ᠢᠳᠡᠬᠦ ᠬᠠᠮᠤᠭ ᠤᠨ ᠲᠣᠬᠢᠷᠠᠮᠵᠢᠲᠠᠢ ᠴᠠᠭ : ᠬᠤᠭᠤᠯᠨ ᠤ ᠳᠠᠷᠠᠭ᠎ᠠ 1 ᠴᠠᠭ ᠃ | — ︽ᠬᠤᠯᠪᠣᠭ᠎ᠠ ᠰᠦᠯᠵᠢᠶ᠎ᠠ︾ ᠠᠴᠠ ᠠᠪᠣᠪᠠ |