ᠥᠲᠡᠯᠬᠦ ᠶᠢ ᠬᠤᠷᠢᠭᠯᠠᠬᠤ ᠠᠷᠭ᠎ᠠ ᠦᠭᠡᠢ ᠪᠣᠯᠪᠠᠴᠤ ᠪᠢᠳᠡ ᠰᠢᠨᠵᠢᠯᠡᠬᠦ ᠤᠬᠠᠭᠠᠨᠴᠢ ᠳᠠᠳᠬᠠᠯ ᠢᠶᠠᠷ ᠳᠠᠮᠵᠢᠨ ᠵᠣᠬᠢᠬᠤ ᠬᠡᠮᠵᠢᠶᠡᠨ ᠳᠡᠭᠡᠷ᠎ᠡ ᠥᠲᠡᠯᠬᠦ | ᠶᠠᠪᠤᠴᠠ ᠶᠢ ᠤᠳᠠᠭᠠᠰᠢᠷᠠᠭᠤᠯᠵᠤ ᠴᠢᠳᠠᠳᠠᠭ᠃ ᠥᠲᠡᠯᠬᠦ ᠨᠢ ᠵᠥᠪᠬᠡᠨ ᠪᠢᠳᠡᠨ ᠤ ᠵᠢᠰᠦ ᠴᠢᠷᠠᠢ ᠲᠡᠭᠡᠷ᠎ᠡ ᠢᠯᠡᠷᠡᠬᠦ ᠪᠢᠰᠢ᠂ ᠪᠡᠶ᠎ᠡ ᠶᠢᠨ ᠡᠯ᠎ᠡ ᠡᠷᠬᠡᠲᠡᠨ ᠢ | ᠨᠡᠩ ᠢᠯᠡᠭᠦᠬᠡᠨ ᠠᠩᠬᠠᠷᠴᠤ᠂ ᠨᠠᠷᠢᠨ ᠨᠢᠮᠪᠠᠢ ᠬᠠᠮᠠᠭᠠᠯᠠᠬᠤ ᠬᠡᠷᠡᠭᠲᠡᠢ᠃ | ᠴᠤᠬᠤᠮ ᠶᠠᠮᠠᠷ ᠶᠠᠮᠠᠷ ᠢᠳᠡᠭᠡᠨ ᠮᠠᠨ ᠤ ᠪᠡᠶ᠎ᠡ ᠶᠢᠨ ᠥᠲᠡᠯᠬᠦ ᠶᠢ ᠲᠦᠷᠭᠡᠳᠬᠡᠨ᠎ᠡ ᠪᠤᠢ︖ ᠳᠣᠣᠷᠠᠬᠢ ᠬᠡᠳᠦᠨ ᠨᠢᠭᠤᠭᠳᠠᠮᠠᠯ ︽ᠬᠥᠭᠰᠢᠷᠡᠭᠦᠯᠦᠭᠴᠢ | ︾ ᠶᠢ ᠣᠨᠴᠠ ᠠᠩᠬᠠᠷᠬᠤ ᠬᠡᠷᠡᠭᠲᠡᠶ︕ | ᠵᠢᠷᠦᠬᠡ ᠶᠢ ︽ᠬᠥᠭᠰᠢᠷᠡᠭᠦᠯᠦᠭᠴᠢ︾ — ᠳᠠᠰᠢᠭᠤ ᠥᠭᠡᠬᠦᠨ ᠬᠦᠴᠢᠯ | ᠳᠠᠰᠢᠭᠤ ᠥᠭᠡᠬᠦᠨ ᠬᠦᠴᠢᠯ ᠪᠣᠯ ᠤᠷᠭᠤᠮᠠᠯ ᠤᠨ ᠲᠣᠰᠣᠨ ᠤ ᠤᠰᠤᠲᠥ᠋ᠷᠥᠭᠴᠢᠵᠢᠬᠦ ᠬᠤᠪᠢᠷᠠᠯᠲᠠ ᠳᠤᠮᠳᠠ ᠡᠭᠦᠰᠦᠭᠰᠡᠨ ᠨᠢᠭᠡ ᠵᠦᠢᠯ ᠤᠨ | ᠬᠠᠨᠤᠮᠠᠯ ᠪᠤᠰᠤ ᠥᠭᠡᠬᠦᠨ ᠬᠦᠴᠢᠯ ᠪᠣᠯᠤᠨ᠎ᠠ᠂ ᠬᠡᠳᠦ᠋ᠢᠪᠡᠷ ᠬᠠᠨᠤᠮᠠᠯ ᠪᠤᠰᠤ ᠥᠭᠡᠬᠦᠨ ᠬᠦᠴᠢᠯ ᠪᠣᠯᠪᠠᠴᠤ ᠬᠥᠮᠦᠨ ᠤ ᠪᠡᠶ᠎ᠡ ᠳᠤ ᠬᠤᠣᠷᠲᠠᠢ᠂ | ᠴᠢᠨᠠᠭᠰᠢᠯᠠᠪᠠᠯ ᠬᠠᠨᠤᠮᠠᠯ ᠥᠭᠡᠬᠦᠨ ᠬᠦᠴᠢᠯ ᠠᠴᠠ ᠨᠡᠩ ᠶᠡᠭᠡ ᠬᠤᠣᠷ ᠬᠥᠨᠥᠭᠡᠯ ᠲᠠᠢ ᠪᠠᠶᠢᠳᠠᠭ᠃ | ᠳᠠᠰᠢᠭᠤ ᠥᠭᠡᠬᠦᠨ ᠬᠦᠴᠢᠯ ᠠᠭᠤᠯᠤᠭᠰᠠᠨ ᠢᠳᠡᠭᠡᠨ ᠢ ᠬᠡᠳᠦ ᠠᠷᠪᠢᠨ ᠢᠳᠡᠪᠡᠯ ᠪᠡᠶ᠎ᠡ ᠶᠢᠨ ᠳᠣᠲᠣᠭᠠᠳᠤ ᠶᠢᠨ ︽ᠮᠠᠭᠤ ᠰᠥᠰᠥᠨ ᠤ ᠭᠤᠨᠠᠨ | ᠠᠯᠺᠣᠣᠯ︾ ᠤᠨ ᠲᠦᠪᠰᠢᠨ ᠢ ᠳᠡᠭᠡᠭᠰᠢᠯᠡᠭᠦᠯᠵᠦ᠂ ︽ᠰᠠᠶᠢᠨ ᠰᠥᠰᠥᠨ ᠤ ᠭᠤᠨᠠᠨ ᠠᠯᠺᠣᠣᠯ︾ ᠤᠨ ᠲᠦᠪᠰᠢᠨ ᠢ ᠳᠣᠷᠣᠭᠰᠢᠯᠠᠭᠤᠯᠵᠤ᠂ ᠡᠭᠦᠨ ᠤ | ᠤᠯᠠᠮ ᠠᠴᠠ ᠯᠤᠭᠰᠢᠭᠤᠨ ᠰᠤᠳᠠᠯ ᠤᠨ ᠥᠭᠡᠬᠦᠵᠢᠨ ᠬᠠᠲᠠᠭᠤᠷᠠᠬᠤ᠂ ᠵᠢᠷᠦᠬᠡ ᠴᠢᠰᠤᠨ ᠰᠤᠳᠠᠯ ᠤᠨ ᠡᠪᠡᠳᠴᠢᠨ᠂ ᠵᠢᠷᠦᠬᠡᠨ ᠲᠢᠲᠢᠮ ᠤᠨ ᠡᠪᠡᠳᠴᠢᠨ᠂ | ᠵᠢᠷᠦᠬᠡᠨ ᠪᠤᠯᠴᠢᠩ ᠤᠨ ᠲᠦᠭᠵᠢᠷᠡᠯ ᠪᠠ ᠵᠢᠷᠦᠬᠡᠨ ᠴᠢᠨᠠᠷᠲᠠᠢ ᠭᠡᠨᠡᠳᠲᠡ ᠦᠬᠦᠬᠦ ᠠᠶᠤᠯ ᠢ ᠨᠡᠮᠡᠭᠳᠡᠭᠦᠯᠦᠨ᠎ᠡ᠃ | ᠡᠶᠢᠮᠦ ᠠᠴᠠ ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠢᠭᠠᠯᠲᠠ ︵2022︶︾ ᠳᠤ᠂ ᠡᠳᠦᠷ ᠪᠦᠷᠢ ᠶᠢᠨ | ᠳᠠᠰᠢᠭᠤ ᠥᠭᠡᠬᠦᠨ ᠬᠦᠴᠢᠯ ᠤᠨ ᠬᠡᠮᠵᠢᠶ᠎ᠡ ᠨᠢ 2 ᠭᠷᠠᠮ ᠠᠴᠠ ᠬᠡᠲᠦᠷᠡᠵᠦ ᠪᠣᠯᠬᠤ ᠥᠬᠡᠶ ᠭᠡᠵᠦ ᠰᠠᠨᠠᠭᠤᠯᠤᠭᠰᠠᠨ ᠪᠠᠶᠢᠨ᠎ᠠ᠃ ᠳᠠᠰᠢᠭᠤ ᠥᠭᠡᠬᠦᠨ ᠬᠦᠴᠢᠯ | ᠠᠭᠤᠯᠤᠭᠰᠠᠨ ᠢᠳᠡᠭᠡᠨ ᠳᠤ ᠪᠢᠩᠭᠠᠨ᠂ ᠪᠣᠭᠤᠷᠰᠤᠭ᠂ ᠲᠣᠰᠣᠨ ᠳᠤ ᠪᠤᠴᠠᠯᠭᠠᠭᠰᠠᠨ ᠪᠣᠣᠪᠤ᠂ ᠬᠥᠭᠡᠯᠭᠡᠭᠰᠡᠨ ᠢᠳᠡᠭᠡᠨ᠂ ᠺᠣᠹᠧ ᠶᠢᠨ ᠬᠤᠯᠢᠮᠠᠭ᠂ | ᠳᠥᠭᠦᠮ ᠭᠤᠯᠢᠷ᠂ ᠲᠦᠷᠭᠡᠨ ᠬᠥᠯᠳᠡᠭᠡᠭᠰᠡᠨ ᠢᠳᠡᠭᠡᠨ᠂ ᠰᠢᠬᠡᠷᠯᠢᠭ ᠰᠦ ᠲᠠᠢ ᠴᠠᠶ ᠵᠡᠷᠭᠡ ᠦᠷᠭᠦᠯᠵᠢ ᠬᠠᠷᠠᠭᠳᠠᠳᠠᠭ᠃ | ᠳᠠᠰᠢᠭᠤ ᠥᠭᠡᠬᠦᠨ ᠬᠦᠴᠢᠯ ᠠᠭᠤᠯᠤᠭᠰᠠᠨ ᠢᠳᠡᠭᠡᠨ ᠠᠴᠠ ᠵᠠᠶᠢᠯᠠᠶ᠎ᠠ ᠭᠡᠪᠡᠯ᠂ ᠬᠤᠳᠠᠯᠳᠤᠨ ᠠᠪᠬᠤ ᠠᠴᠠ ᠪᠠᠨ ᠡᠮᠦᠨ᠎ᠡ ᠪᠣᠭᠤᠳᠠᠯ ᠳᠡᠭᠡᠷᠡᠬᠢ | ᠨᠠᠶᠢᠷᠠᠯᠭ᠎ᠠ ᠶᠢᠨ ᠬᠦᠰᠦᠨᠦᠭᠲᠦ ᠪᠣᠯᠤᠨ ᠰᠢᠮ᠎ᠡ ᠲᠡᠵᠢᠭᠡᠯ ᠤᠨ ᠪᠦᠷᠢᠯᠳᠦᠬᠦᠨ ᠤ ᠬᠦᠰᠦᠨᠦᠭᠲᠦ ᠶᠢ ᠨᠠᠷᠢᠨ ᠬᠢᠨᠠᠮᠠᠭᠠᠶ ᠦᠵᠡᠭᠡᠷᠡᠶ᠃ ᠨᠠᠶᠢᠷᠠᠯᠭ᠎ᠠ ᠶᠢᠨ | ᠬᠦᠰᠦᠨᠦᠭᠲᠦ ᠳᠤ ᠤᠷᠭᠤᠮᠠᠯ ᠤᠨ ᠥᠭᠡᠬᠦ᠂ ᠰᠦᠨ ᠤ ᠣᠬᠢ᠂ ᠬᠡᠦᠷᠰᠢᠭᠦᠯᠬᠦ ᠲᠣᠰᠤ᠂ ᠬᠢᠮᠡᠯ ᠵᠥᠭᠡᠬᠡᠶ᠂ ᠬᠢᠮᠡᠯ ᠰᠢᠷ᠎ᠠ ᠲᠣᠰᠣ᠂ | ᠤᠰᠤᠲᠥ᠋ᠷᠥᠭᠴᠢᠵᠢᠭᠰᠡᠨ ᠤᠷᠭᠤᠮᠠᠯ ᠤᠨ ᠲᠣᠰᠣ᠂ ᠨᠠᠷᠢᠯᠢᠭ ᠪᠣᠯᠪᠠᠰᠤᠷᠠᠭᠤᠯᠤᠭᠰᠠᠨ ᠬᠢᠯᠭᠠᠰᠤᠲᠤ ᠮᠣᠳᠣᠨ ᠤ ᠲᠣᠰᠣ᠂ ᠤᠷᠭᠤᠮᠠᠯ ᠤᠨ ᠵᠥᠭᠡᠬᠡᠶ᠂ ᠬᠢᠮᠡᠯ | ᠺᠠᠺᠠᠤ᠋ ᠥᠭᠡᠬᠦ᠂ ᠬᠢᠮᠡᠯ ᠬᠡᠦᠷᠰᠢᠭᠦᠯᠬᠦ ᠲᠣᠰᠣ ᠵᠡᠷᠭᠡ ᠪᠦᠷᠢᠯᠳᠦᠬᠦᠨ ᠪᠠᠶᠢᠪᠠᠯ ᠴᠥᠮ ᠳᠠᠰᠢᠭᠤ ᠥᠭᠡᠬᠦᠨ ᠬᠦᠴᠢᠯ ᠠᠭᠤᠯᠵᠤ ᠮᠡᠳᠡᠨ᠎ᠡ᠃ | ᠰᠢᠮ᠎ᠡ ᠲᠡᠵᠢᠭᠡᠯ ᠤᠨ ᠪᠦᠷᠢᠯᠳᠦᠬᠦᠨ ᠤ ᠬᠦᠰᠦᠨᠦᠭᠲᠦ ᠠᠴᠠ ᠢᠳᠡᠭᠡᠨ ᠤ ᠳᠣᠲᠣᠷ᠎ᠠ ᠪᠣᠳᠠᠲᠠᠶ ᠠᠭᠤᠯᠵᠤ ᠪᠠᠶᠢᠭ᠎ᠠ ᠳᠠᠰᠢᠭᠤ ᠥᠭᠡᠬᠦᠨ ᠬᠦᠴᠢᠯ ᠤᠨ | ᠠᠭᠤᠯᠤᠭᠳᠠᠴᠠ ᠶᠢ ᠣᠯᠵᠤ ᠬᠠᠷᠠᠳᠠᠭ᠂ ᠳᠣᠣᠷᠠᠬᠢ ᠵᠢᠷᠤᠭ ᠲᠠᠬᠢ ᠡᠨᠡ ᠬᠦ ᠵᠥᠭᠡᠬᠡᠶ ᠶᠢᠨ ᠠᠮᠲᠠ ᠲᠠᠢ ᠪᠢᠩᠭᠠᠨ ᠢ 100 ᠭᠷᠠᠮ ᠰᠢᠩᠭᠡᠭᠡᠪᠡᠯ ᠳᠠᠰᠢᠭᠤ | ᠥᠭᠡᠬᠦᠨ ᠬᠦᠴᠢᠯ ᠨᠢ ᠳᠠᠷᠤᠶ ᠪᠠᠷᠢᠮᠵᠢᠶ᠎ᠠ ᠠᠴᠠ ᠬᠡᠲᠦᠷᠡᠨ᠎ᠡ᠃ | ᠭᠡᠪᠡᠴᠦ ᠣᠳᠣᠬᠠᠨ ᠳᠤ ᠣᠯᠠᠩᠬᠢ ᠪᠦᠲᠦᠭᠡᠭᠳᠡᠬᠦᠨ ᠤ ᠰᠢᠮ᠎ᠡ ᠲᠡᠵᠢᠭᠡᠯ ᠤᠨ ᠪᠦᠷᠢᠯᠳᠦᠬᠦᠨ ᠤ ᠬᠦᠰᠦᠨᠦᠭᠲᠦ ᠳᠤ ᠳᠠᠰᠢᠭᠤ ᠥᠭᠡᠬᠦᠨ ᠬᠦᠴᠢᠯ ᠤᠨ | ᠠᠭᠤᠯᠤᠭᠳᠠᠴᠠ ᠶᠢ ᠴᠥᠮ ︽0︾ ᠭᠡᠵᠦ ᠬᠠᠳᠠᠵᠤ ᠪᠠᠶᠢᠨ᠎ᠠ᠂ ᠡᠨᠡ ᠨᠢ ᠢᠳᠡᠭᠡᠨ ᠤ ᠳᠣᠲᠣᠷᠠᠬᠢ ᠳᠠᠰᠢᠭᠤ ᠥᠭᠡᠬᠦᠨ ᠬᠦᠴᠢᠯ ᠤᠨ ᠠᠭᠤᠯᠤᠭᠳᠠᠴᠠ ᠨᠢ | 0.3% ᠠᠴᠠ ᠪᠠᠭ᠎ᠠ ᠪᠣᠯᠬᠤ ᠦᠶ᠎ᠡ ᠳᠤ᠂ ᠪᠣᠭᠤᠳᠠᠯ ᠳᠡᠭᠡᠷ᠎ᠡ ᠨᠢ ︽0 ᠳᠠᠰᠢᠭᠤ ᠥᠭᠡᠬᠦᠨ ᠬᠦᠴᠢᠯ︾᠂ ︽ᠲᠡᠭ ᠳᠠᠰᠢᠭᠤ ᠥᠭᠡᠬᠦᠨ ᠬᠦᠴᠢᠯ︾᠂ | ︽ᠳᠠᠰᠢᠭᠤ ᠥᠭᠡᠬᠦᠨ ᠬᠦᠴᠢᠯ ᠠᠭᠤᠯᠬᠤ ᠦᠭᠡᠢ︾ ᠭᠡᠰᠡᠨ ᠦᠰᠦᠭ ᠢ ᠬᠠᠳᠠᠵᠤ ᠪᠣᠯᠬᠤ ᠠᠴᠠ ᠪᠣᠯᠤᠭᠰᠠᠨ ᠶᠤᠮ᠃ ᠡᠨᠡ ᠨᠢ ᠵᠥᠪᠬᠡᠨ | ᠠᠭᠤᠯᠤᠭᠳᠠᠴᠠ ᠪᠠᠷ ᠳᠣᠣᠷ᠎ᠠ ᠪᠤᠶᠤ ᠪᠠᠶᠢᠬᠤ ᠦᠭᠡᠢ ᠶᠢ ᠯᠡ ᠲᠣᠳᠣᠷᠬᠠᠶᠢᠯᠠᠬᠤ ᠠᠴᠠ ᠪᠢᠰᠢ᠂ ᠤᠭᠳᠤ ᠪᠠᠶᠢᠬᠤ ᠦᠭᠡᠢ ᠶᠢ ᠬᠠᠷᠠᠭᠤᠯᠬᠤ ᠪᠢᠰᠢ ᠶᠤᠮ᠃ | ᠬᠡᠷᠪᠡ ᠳᠠᠰᠢᠭᠤ ᠥᠭᠡᠬᠦᠨ ᠬᠦᠴᠢᠯ ᠢ ᠴᠢᠳᠠᠬᠤ ᠶᠢᠨ ᠬᠢᠷᠢ ᠪᠠᠷ ᠪᠠᠭᠠᠰᠬᠠᠶ᠎ᠠ ᠭᠡᠪᠡᠯ ᠬᠠᠰᠢ ᠯᠠ ᠪᠠᠭ᠎ᠠ ᠢᠳᠡᠪᠡᠯ ᠳᠡᠭᠡᠷ᠎ᠡ ᠶᠤᠮ᠃ | ᠡᠭᠦᠨ ᠠᠴᠠ ᠭᠠᠳᠠᠨ᠎ᠠ᠂ ᠤᠷᠭᠤᠮᠠᠯ ᠤᠨ ᠲᠣᠰᠣ ᠶᠢᠨ ᠳᠣᠲᠣᠷ᠎ᠠ ᠪᠠᠰᠠ ᠳᠠᠰᠢᠭᠤ ᠥᠭᠡᠬᠦᠨ ᠬᠦᠴᠢᠯ ᠠᠭᠤᠯᠵᠤ ᠪᠠᠶᠢᠳᠠᠭ᠂ ᠣᠨᠴᠠᠭᠠᠶᠢᠯᠠᠨ ᠳᠠᠬᠢᠨ | ᠳᠠᠪᠲᠠᠨ ᠥᠨᠳᠥᠷ ᠳᠤᠯᠠᠭᠠᠨ ᠢ ᠥᠩᠭᠡᠷᠡᠭᠡᠭᠰᠡᠨ ᠤ ᠳᠠᠷᠠᠭᠠᠬᠢ ᠤᠷᠭᠤᠮᠠᠯ ᠤᠨ ᠲᠣᠰᠣᠨ ᠤ ᠳᠠᠰᠢᠭᠤ ᠥᠭᠡᠬᠦᠨ ᠬᠦᠴᠢᠯ ᠤᠨ ᠠᠭᠤᠯᠤᠭᠳᠠᠴᠠ ᠨᠢ ᠨᠠᠩ | ᠥᠨᠳᠥᠷ ᠪᠠᠶᠢᠳᠠᠭ᠃ ᠡᠶᠢᠮᠦ ᠠᠴᠠ ᠡᠳᠦᠷ ᠲᠤᠲᠤᠮ ᠤᠨ ᠬᠤᠭᠤᠯᠠ ᠪᠠᠵᠠᠭᠠᠬᠤ ᠳᠠᠭᠠᠨ ᠲᠣᠰᠣᠨ ᠤ ᠬᠡᠮᠵᠢᠶ᠎ᠡ ᠶᠢ 25~30 ᠭᠷᠠᠮ ᠢᠶᠠᠷ ᠬᠢᠵᠠᠭᠠᠷᠯᠠᠵᠤ᠂ | ᠥᠨᠳᠥᠷ ᠬᠠᠯᠠᠭᠤᠨ ᠳᠤ ᠲᠣᠰᠣᠨ ᠳᠤ ᠪᠤᠴᠠᠯᠭᠠᠬᠤ ᠶᠢ ᠪᠠᠭᠠᠰᠬᠠᠬᠤ ᠶᠢᠨ ᠬᠠᠮᠲᠤ ᠲᠣᠰᠣᠨ ᠳᠤ ᠪᠤᠴᠠᠯᠭᠠᠭᠠᠳ ᠤᠲᠤᠭ᠎ᠠ ᠭᠠᠷᠤᠭᠰᠠᠨ ᠤ ᠳᠠᠷᠠᠭ᠎ᠠ ᠰᠠᠶ᠋ᠢ | ᠡᠬᠢᠯᠡᠵᠦ ᠨᠣᠭᠤᠭ᠎ᠠ ᠬᠠᠭᠤᠷᠬᠤ ᠶᠢ ᠴᠡᠭᠡᠷᠯᠡᠪᠡᠯ ᠵᠣᠬᠢᠨ᠎ᠠ᠃ | |