ᠠᠷᠢᠬᠢ ᠤᠤᠭᠤᠳᠠᠭ ᠬᠦᠮᠤᠰ ᠠᠩᠬᠠᠷ᠄ ᠡᠮ ᠠᠷᠢᠬᠢ ᠬᠤᠶᠠᠷ ᠬᠠᠷᠰᠢ ᠶᠤᠮ᠂ ᠠᠷᠢᠬᠢ ᠤᠤᠭᠤᠭᠰᠠᠨ ᠦᠶ᠎ᠡ ᠳᠤ ᠲᠸᠥ ᠪᠣᠤ ᠠᠴᠠ ᠭᠠᠳᠠᠨ᠎ᠠ | ᠪᠠᠰᠠ ᠡᠳᠡᠭᠡᠷ ᠡᠮ ᠢ ᠤᠤᠭᠤᠵᠤ ᠤᠭᠳᠤ ᠪᠤᠯᠬᠤ ᠦᠭᠡᠢ︕ | 1. ᠲᠸᠥ ᠪᠣᠤ ︵头孢︶ ᠶᠢᠨ ᠲᠥᠷᠥᠯ ᠤᠨ ᠡᠮ᠃ ᠠᠷᠢᠬᠢ ᠤᠤᠭᠤᠭᠰᠠᠨ ᠤ ᠳᠠᠷᠠᠭᠠᠬᠢ 3 ᠡᠳᠦᠷ ᠤᠨ ᠳᠣᠲᠣᠷ᠎ᠠ ᠲᠸᠥ ᠪᠣᠤ ᠶᠢᠨ | ᠲᠥᠷᠥᠯ ᠤᠨ ᠡᠮ ᠬᠡᠷᠡᠭᠯᠡᠵᠦ ᠪᠣᠯᠬᠤ ᠦᠭᠡᠢ᠃ ᠲᠸᠥ ᠪᠣᠤ ᠬᠡᠷᠡᠭᠯᠡᠭᠰᠡᠨ ᠪᠤᠯ 7 ᠡᠳᠦᠷ ᠤᠨ ᠳᠣᠲᠣᠷ᠎ᠠ ᠠᠷᠢᠬᠢ ᠤᠤᠭᠤᠵᠤ ᠪᠣᠯᠬᠤ ᠥᠬᠡᠶ᠂ | ᠬᠠᠮᠲᠤ ᠳᠤᠨᠢ ᠰᠫᠢᠷᠲ ᠠᠭᠤᠯᠤᠭᠰᠠᠨ ᠡᠮ ᠪᠠ ᠢᠳᠡᠭᠡᠨ ᠢ ᠪᠠᠰᠠ ᠴᠡᠭᠡᠷᠯᠡᠬᠦ ᠬᠡᠷᠡᠭᠲᠡᠢ᠃ | 2. ᠬᠤᠯᠢᠮᠠᠭ ᠠᠼᠤᠲ᠋ᠢᠯ ᠠᠮᠢᠨᠣ᠋ ᠹᠤᠨᠤᠯ ᠬᠠᠪᠲᠠᠭᠠᠶ ᠦᠷᠢᠯ ︵对乙酰氨基酚︶᠃ ᠰᠤᠳᠤᠯᠭᠠᠨ ᠠᠴᠠ ᠦᠵᠡᠪᠡᠯ᠂ ᠠᠷᠢᠬᠢ | ᠤᠤᠭᠤᠬᠤ ᠨᠢ ᠬᠤᠯᠢᠮᠠᠭ ᠠᠼᠤᠲ᠋ᠢᠯ ᠠᠮᠢᠨᠣ᠋ ᠹᠤᠨᠤᠯ ᠠᠴᠠ ᠡᠯᠢᠭᠡᠨ ᠳᠤ ᠦᠵᠡᠭᠦᠯᠬᠦ ᠬᠤᠣᠷᠳᠠᠯ ᠢ ᠨᠡᠮᠡᠭᠳᠡᠭᠦᠯᠬᠦ ᠪᠣᠯᠤᠯᠴᠠᠭ᠎ᠠ ᠲᠠᠢ᠃ | 3. ᠴᠢᠰᠤᠨ ᠳᠠᠷᠤᠯᠲᠠ ᠶᠢ ᠪᠠᠭᠤᠷᠠᠭᠤᠯᠬᠤ ᠡᠮ ︵降压药︶᠃ ᠬᠡᠷᠪᠡ ᠠᠷᠢᠬᠢᠨ ᠤ ᠳᠠᠷᠠᠭ᠎ᠠ ᠴᠢᠰᠤᠨ ᠳᠠᠷᠤᠯᠲᠠ ᠶᠢ ᠪᠠᠭᠤᠷᠠᠭᠤᠯᠬᠤ ᠡᠮ | ᠤᠤᠭᠤᠪᠠᠯ᠂ ᠨᠠᠷᠢᠨ ᠰᠤᠳᠠᠯ ᠢ ᠨᠡᠩ ᠲᠡᠯᠡᠭᠳᠡᠭᠦᠯᠵᠦ᠂ ᠴᠢᠰᠤᠨ ᠳᠠᠷᠤᠯᠲᠠ ᠶᠢ ᠴᠣᠴᠢᠮᠠᠭ ᠪᠠᠭᠤᠷᠠᠭᠤᠯᠵᠤ᠂ ᠪᠡᠶ᠎ᠡ ᠶᠢᠨ ᠪᠠᠶᠢᠷᠢ ᠶᠢᠨ ᠬᠤᠪᠢᠷᠠᠯᠲᠠ ᠶᠢᠨ | ᠴᠢᠨᠠᠷᠲᠠᠢ ᠴᠢᠰᠤᠨ ᠳᠠᠷᠤᠯᠲᠠ ᠳᠣᠣᠷ᠎ᠠ ᠪᠤᠶᠤ ᠤᠬᠠᠭᠠᠨ ᠠᠯᠳᠠᠬᠤ ᠪᠠᠶᠢᠳᠠᠯ ᠠᠮᠠᠷᠬᠠᠨ ᠭᠠᠷᠳᠠᠭ᠃ | 4. ᠠᠰᠫᠢᠷᠢᠨ ︵阿司匹林︶᠃ ᠠᠰᠫᠢᠷᠢᠨ ᠠᠷᠢᠭᠢ ᠨᠡᠶᠢᠯᠡᠪᠡᠯ ᠰᠢᠩᠭᠡᠭᠡᠯᠲᠡ ᠶᠢᠨ ᠵᠠᠮ ᠳᠤ ᠰᠡᠳᠦᠯᠲᠡ ᠥᠭᠴᠦ᠂ ᠬᠤᠳᠣᠭᠤᠳᠣᠨ ᠤ | ᠰᠠᠯᠢᠰᠤᠲᠤ ᠪᠦᠷᠬᠦᠪᠴᠢ ᠶᠢᠨ ᠡᠪᠡᠳᠴᠢᠨ ᠤ ᠬᠤᠪᠢᠷᠠᠯᠲᠠ ᠶᠢ ᠡᠭᠦᠰᠭᠡᠬᠦ ᠪᠤᠶᠤ ᠰᠢᠷᠬᠠᠯᠠᠭ᠎ᠠ ᠶᠢ ᠳᠠᠬᠢᠨ ᠡᠭᠦᠰᠭᠡᠵᠦ᠂ ᠠᠰᠫᠢᠷᠢᠨ ᠳᠤ ᠬᠤᠯᠪᠤᠭᠳᠠᠭᠰᠠᠨ | ᠳᠡᠭᠡᠳᠦ ᠰᠢᠩᠭᠡᠭᠡᠯᠲᠡ ᠶᠢᠨ ᠵᠠᠮ ᠠᠴᠠ ᠴᠢᠰᠤ ᠭᠠᠷᠬᠤ ᠲᠦᠭᠰᠢᠭᠦᠷᠢ ᠶᠢ ᠨᠡᠮᠡᠭᠳᠡᠭᠦᠯᠦᠨ᠎ᠡ᠃ | 5. ᠲᠠᠶᠢᠳᠬᠬᠷᠠᠭᠤᠯᠤᠨ ᠤᠨᠲᠠᠭᠤᠯᠬᠤ ᠡᠮ ︵镇静催眠药︶᠃ ᠲᠠᠶᠢᠳᠬᠤᠷᠠᠭᠤᠯᠤᠨ ᠤᠨᠲᠠᠭᠤᠯᠬᠤ ᠡᠮᠲᠦ ᠪᠣᠳᠠᠰ ᠪᠣᠯᠤᠨ | ᠡᠲ᠋ᠠᠨᠤᠯ ᠢ ᠬᠠᠮᠲᠤᠷᠠᠭᠤᠯᠤᠨ ᠬᠡᠷᠡᠭᠯᠡᠭᠰᠡᠨ ᠤ ᠳᠠᠷᠠᠭ᠎ᠠ᠂ ᠲᠥᠪ ᠮᠡᠳᠡᠷᠡᠯ ᠢ ᠰᠠᠭᠠᠳᠠᠭᠤᠯᠬᠤ ᠬᠡᠮᠵᠢᠶ᠎ᠡ ᠨᠢ ᠡᠮᠲᠦ ᠪᠣᠳᠠᠰ ᠤᠨ ᠲᠥᠷᠥᠯ ᠵᠦᠢᠯ᠂ ᠡᠮ | ᠬᠡᠷᠡᠭᠯᠡᠬᠦ ᠬᠡᠮᠵᠢᠶ᠎ᠡ᠂ ᠠᠷᠢᠬᠢ ᠤᠤᠭᠤᠬᠤ ᠬᠡᠮᠵᠢᠶ᠎ᠡ ᠲᠠᠢ ᠬᠠᠷᠢᠴᠠᠭ᠎ᠠ ᠲᠠᠢ ᠪᠠᠶᠢᠳᠠᠭ᠂ ᠲᠡᠭᠦᠨ ᠤ ᠢᠯᠡᠷᠡᠯ ᠭᠡᠪᠡᠯ ᠮᠠᠩᠰᠢᠭᠤᠷᠠᠭᠤᠯᠤᠨ ᠤᠨᠳᠠᠭᠤᠯᠬᠤ᠂ | ᠲᠤᠰᠬᠠᠯ ᠤᠨ ᠴᠢᠳᠠᠪᠤᠷᠢ ᠶᠢ ᠪᠠᠭᠤᠷᠠᠭᠤᠯᠬᠤ᠂ ᠠᠩᠬᠠᠷᠤᠯ ᠰᠠᠷᠨᠢᠭᠤᠯᠬᠤ᠂ ᠵᠣᠬᠢᠴᠠᠭᠤᠯᠬᠤ ᠴᠢᠳᠠᠪᠤᠷᠢ ᠶᠢ ᠮᠠᠭᠤᠲᠠᠭᠤᠯᠵᠤ᠂ ᠬᠦᠨᠳᠤ ᠨᠣᠴᠢᠲᠠᠶ ᠨᠢ | ᠦᠬᠦᠭᠦᠯᠵᠦ ᠮᠡᠳᠡᠨ᠎ᠡ᠃ | 6. ᠤᠨᠠᠳᠠᠭ ᠡᠪᠡᠳᠴᠢᠨ ᠢ ᠳᠠᠷᠤᠬᠤ ᠡᠮ ︵抗癫痫药︶᠃ ᠡᠲ᠋ᠠᠨᠤᠯ ᠨᠢ ᠵᠠᠷᠢᠮ ᠤᠨᠠᠳᠠᠭ ᠡᠪᠡᠳᠴᠢᠨ ᠢ ᠳᠠᠷᠤᠬᠤ ᠡᠮ ᠤᠨ | ᠰᠣᠯᠢᠯᠴᠠᠭ᠎ᠠ ᠶᠢ ᠨᠥᠯᠥᠭᠡᠯᠡᠵᠦ᠂ ᠡᠮᠴᠢᠯᠡᠭᠡᠨ ᠤ ᠦᠢᠯᠡᠳᠦᠯ ᠢ ᠨᠥᠯᠥᠭᠡᠯᠡᠳᠡᠭ᠃ ᠡᠭᠦᠨ ᠠᠴᠠ ᠭᠠᠳᠠᠨ᠎ᠠ᠂ ᠠᠷᠢᠬᠢ ᠤᠤᠭᠤᠬᠤ ᠨᠢ ᠪᠠᠰᠠ ᠤᠨᠠᠳᠠᠭ | ᠡᠪᠡᠳᠴᠢᠨ ᠢ ᠡᠭᠦᠰᠭᠡᠵᠦ ᠮᠡᠳᠡᠨ᠎ᠡ᠃ ᠡᠶᠢᠮᠦ ᠠᠴᠠ ᠤᠨᠠᠳᠠᠭ ᠡᠪᠡᠳᠴᠢᠲᠡᠨ ᠠᠷᠢᠬᠢ ᠤᠤᠭᠤᠵᠦ ᠪᠤᠯᠬᠤ ᠦᠭᠡᠢ᠃ | 7. ᠴᠢᠰᠤᠨ ᠰᠢᠬᠢᠷ ᠢ ᠪᠠᠭᠤᠷᠠᠭᠤᠯᠬᠤ ᠡᠮ ︵降糖药︶᠃ ᠴᠢᠰᠤᠨ ᠰᠢᠬᠢᠷ ᠢ ᠪᠠᠭᠤᠷᠠᠭᠤᠯᠬᠤ ᠡᠮ ᠢ ᠤᠤᠭᠤᠵᠤ ᠪᠠᠶᠢᠬᠤ | ᠬᠤᠭᠤᠴᠠᠭᠠᠨ ᠳᠤ ᠠᠷᠢᠬᠢ ᠤᠤᠭᠤᠪᠠᠯ᠂ ᠴᠢᠰᠤᠨ ᠰᠢᠬᠢᠷ ᠬᠦᠨᠳᠦ ᠨᠣᠴᠢᠲᠠᠶ ᠲᠤᠤᠷᠠᠳᠠᠬᠤ ᠪᠤᠶᠤ ᠰᠥᠷᠴᠦ ᠪᠣᠯᠤᠰᠢ ᠥᠬᠡᠶ ᠮᠡᠳᠡᠷᠡᠯ ᠤᠨ ᠰᠢᠰᠲ᠋ᠧᠮ ᠤᠨ | ᠡᠪᠡᠳᠴᠢᠨ ᠤ ᠬᠤᠪᠢᠷᠠᠯᠲᠠ ᠭᠠᠷᠴᠤ ᠮᠡᠳᠡᠨ᠎ᠡ᠃ | |