ᠡᠳᠡᠭᠡᠷ ᠨᠥᠬᠦᠪᠥᠷᠢ ᠶᠢ ᠠᠪᠴᠤ ᠪᠣᠯᠤᠨ᠎ᠠ
ᠨᠡᠶᠢᠲᠡᠯᠡᠭᠰᠡᠨ ᠴᠠᠭ᠄
2022/9/30
      ᠡᠨᠡ ᠵᠢᠯ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠥᠴᠢᠷ ᠠᠯᠢ  ᠣᠯᠠᠨ‌‍ᠲ᠋ᠥ᠋ᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠨᠡᠶᠢᠲᠡᠯᠡᠵᠦ ᠠᠵᠤ ᠠᠬᠤᠶᠢᠯᠠᠯ ᠢ  ᠬᠠᠪᠰᠤᠷᠤᠨ  ᠬᠦᠴᠢᠷᠳᠡᠯ ᠢ ᠨᠢ  ᠰᠢᠢᠳᠪᠣᠷᠢᠯᠡᠵᠤ᠂ ᠠᠵᠢᠯ ᠣᠯᠭᠤᠯᠲᠠ ᠶᠢ ᠲᠣᠭᠲᠠᠪᠤᠷᠢᠵᠢᠭᠤᠯᠵᠤ ᠠᠷᠠᠳ ᠤᠨ ᠠᠮᠢᠳᠤᠷᠠᠯ ᠢ ᠪᠠᠳᠣᠯᠠᠪᠠ᠃  ᠠᠵᠢᠯ ᠠᠯᠳᠠᠯᠲᠠ ᠶᠢᠨ ᠨᠥᠬᠦᠪᠥᠷᠢ ᠮᠥᠩᠭᠦ᠂ ᠲᠦᠷ ᠴᠠᠭ ᠤᠨ  ᠠᠮᠢᠳᠤᠷᠠᠯ ᠤᠨ  ᠨᠥᠬᠦᠪᠥᠷᠢ᠂  ᠠᠵᠢᠯ  ᠦᠯᠡᠳᠡᠭᠡᠬᠦ‌‍ᠪᠣᠯᠪᠠᠰᠤᠷᠠᠯ ‍ᠦᠨ‌ᠨᠢᠭᠡ ᠯᠡ ᠤᠳᠠᠭ᠎ᠠ ᠶᠢᠨ ᠴᠢᠨᠠᠷᠲᠠᠶ ᠨᠥᠬᠦᠪᠥᠷᠢ᠂ ᠠᠵᠢᠯ ᠤᠨ ᠪᠠᠶᠢᠷᠢ ᠶᠢ ᠥᠷᠭᠡᠳᠬᠡᠬᠦ‍ ᠨᠢᠭᠡ ᠯᠡ ᠤᠳᠠᠭ᠎ᠠ ᠵᠢᠨ‌‍ᠴᠢᠨᠠᠷᠲᠠᠶ ᠨᠥᠬᠦᠪᠥᠷᠢ ᠵᠡᠷᠭᠡ ᠡᠲᠡᠭᠡᠷ ᠵᠣᠭᠤᠰ ᠢ ᠲᠠ ᠪᠦᠷ ᠬᠦᠷᠲᠡᠭᠰᠡᠨ ᠦᠦ︖             1᠂ ᠦᠯᠡᠳᠡᠭᠡᠨ ᠪᠣᠯᠪᠠᠰᠤᠷᠠᠭᠤᠯᠬᠤ ᠨᠥᠬᠦᠪᠥᠷᠢ ᠶᠢ ᠨᠢᠭᠡ ᠯᠡ ᠤᠳᠠᠭ᠎ᠠ  ᠶᠢᠨ ᠴᠢᠨᠠᠷᠲᠠᠢ ᠠᠪᠴᠣ ᠪᠣᠯᠣᠨ᠎ᠠ              ᠳᠠᠭᠠᠳᠬᠠᠯ ᠳᠤ ᠣᠷᠣᠯᠴᠠᠭᠰᠠᠨ ᠠᠵᠢᠯᠲᠠᠨ ᠠᠵᠢᠯᠴᠢᠨ ᠨᠢᠭᠡᠪᠦᠷᠢ ᠳᠤ 500 ᠲᠥᠭᠦᠷᠢᠭ ᠠᠴᠠ ᠬᠡᠲᠦᠷᠡᠭᠦᠯᠬᠦ  ᠦᠭᠡᠶ‌‍ᠪᠠᠶᠢᠬᠤ ᠪᠠᠷᠢᠮᠵᠢᠶ᠎ᠠ ᠪᠠᠷ ᠠᠵᠢᠯ  ᠦᠯᠡᠳᠡᠭᠡᠬᠦ  ᠪᠣᠯᠪᠠᠰᠤᠷᠠᠭᠤᠯᠤᠯ ᠤᠨ  ᠨᠥᠬᠦᠪᠥᠷᠢ ᠶᠢ  ᠨᠢᠭᠡ  ᠯᠡ  ᠤᠳᠠᠭ᠎ᠠ ᠶᠢᠨ  ᠴᠢᠨᠠᠷᠲᠠᠶ‌ᠣᠯᠭᠤᠨ᠎ᠠ᠃             2 .ᠠᠵᠢᠯ ᠤᠨ ᠪᠠᠶᠢᠷᠢ ᠶᠢ ᠥᠷᠭᠡᠳᠬᠡᠬᠦ ᠨᠥᠬᠦᠪᠥᠷᠢ  ᠶᠢ ᠨᠢᠭᠡ ᠯᠡ ᠤᠳᠠᠭ᠎ᠠ ᠶᠢᠨ ᠴᠢᠨᠠᠷᠲᠠᠶ ᠠᠪᠴᠣ ᠪᠣᠯᠣᠨ᠎ᠠ         ᠨᠢᠭᠡ ᠬᠥᠮᠦᠨ ᠡᠯᠰᠡᠨ ᠬᠡᠷᠡᠭᠯᠡᠬᠦ ᠪᠦᠷᠢ 1500 ᠲᠥᠭᠦᠷᠢᠭ ᠤᠨ ᠪᠠᠷᠢᠮᠵᠢᠶ᠎ᠠ ᠪᠠᠷ ᠨᠢᠭᠡ ᠯᠡ ᠤᠳᠠᠭᠠᠨ ᠤ  ᠴᠢᠨᠠᠷᠲᠠᠶ‌ᠠᠵᠢᠯ ᠤᠨ ᠪᠠᠶᠢᠷᠢ ᠶᠢ ᠥᠷᠭᠡᠳᠬᠡᠬᠦ ᠨᠥᠬᠦᠪᠥᠷᠢ ᠣᠯᠭᠤᠨ᠎ᠠ᠃             3 . ᠠᠵᠢᠯ ᠠᠯᠳᠠᠭᠰᠠᠳ ᠤᠨ ᠳᠠᠭᠠᠳᠬᠠᠯ ᠤᠨ ᠮᠥᠩᠭᠦ ᠠᠪᠴᠣ ᠪᠣᠯᠣᠨ᠎ᠠ             ᠳᠠᠭᠠᠳᠬᠠᠯ ᠳᠤ ᠣᠷᠣᠯᠴᠠᠭᠠᠳ 1 ᠵᠢᠯ ᠠᠴᠠ  ᠳᠡᠭᠡᠭᠰᠢ  ᠰᠦᠢᠳᠭᠡᠯ  ᠲᠤᠰᠢᠶᠠᠭᠰᠠᠨ᠂  ᠲᠣᠰ  ᠬᠥᠮᠦᠨ ᠤ  ᠪᠤᠰᠤ‌‍ᠰᠢᠯᠲᠠᠭᠠᠨ ᠢᠶᠠᠷ  ᠠᠵᠢᠯ   ᠠᠯᠳᠠᠭᠰᠠᠨ   ᠬᠥᠮᠦᠰ᠂   ᠠᠵᠢᠯ   ᠠᠯᠳᠠᠯᠲᠠ ᠶᠢᠨ   ᠳᠠᠭᠠᠳᠬᠠᠯ ᠢ   ᠭᠠᠷᠲᠠᠨ   ᠬᠦᠢᠴᠡᠳᠬᠡᠬᠦ‌‍ᠪᠠᠶᠢᠭᠤᠯᠤᠮᠵᠢ ᠠᠴᠠ ᠠᠵᠢᠯ ᠠᠯᠳᠠᠯᠲᠠ ᠶᠢᠨ ᠳᠠᠭᠠᠳᠬᠠᠯ ᠤᠨ ᠮᠥᠩᠭᠦ ᠭᠤᠶᠤᠴᠢᠯᠠᠨ ᠠᠪᠴᠤ ᠪᠣᠯᠤᠨ᠎ᠠ᠃             4 . ᠠᠵᠢᠯ ᠠᠯᠳᠠᠭᠰᠠᠳ ᠤᠨ ᠨᠥᠬᠦᠪᠥᠷᠢ ᠮᠥᠩᠭᠦ᠂ ᠲᠦᠷ ᠴᠠᠭ ᠤᠨ ᠠᠮᠢᠳᠤᠷᠠᠯ ᠤᠨ ᠨᠥᠬᠦᠪᠥᠷᠢ ᠠᠪᠴᠣ ᠪᠣᠯᠣᠨ᠎ᠠ              ᠠᠵᠢᠯ ᠠᠯᠳᠠᠯᠲᠠ ᠶᠢᠨ ᠳᠠᠭᠠᠳᠬᠠᠯ ᠤᠨ ᠮᠥᠩᠭᠦ ᠠᠪᠬᠤ ᠬᠤᠭᠤᠴᠠᠭ᠎ᠠ ᠨᠢ ᠳᠦᠭᠦᠷᠦᠭᠰᠡᠨ ᠪᠠᠶᠢᠲᠠᠯ᠎ᠠ ᠮᠥᠨ ᠬᠦ ᠠᠵᠢᠯ ᠣᠯᠤᠭᠠᠳᠤᠶ ᠠᠵᠢᠯ ᠠᠯᠳᠠᠭᠰᠠᠳ᠂ ᠠᠵᠢᠯ ᠠᠯᠳᠠᠯᠲᠠ ᠶᠢᠨ ᠳᠠᠭᠠᠳᠬᠠᠯ ᠤᠨ ᠮᠥᠩᠭᠦ ᠠᠪᠬᠤ ᠨᠥᠬᠦᠴᠡᠯ ᠳᠤ  ᠨᠡᠶᠢᠴᠡᠬᠦ  ᠦᠭᠡᠶ ᠳᠠᠭᠠᠳᠬᠠᠯ ᠳᠤ ᠣᠷᠣᠯᠴᠠᠭᠰᠠᠨ  ᠠᠵᠢᠯ  ᠠᠯᠳᠠᠭᠰᠠᠳ ᠲᠤ  ᠠᠵᠢᠯ  ᠠᠯᠳᠠᠯᠲᠠ ᠶᠢᠨ  ᠲᠤᠰᠠᠯᠠᠮᠵᠢ ᠶᠢᠨ  ᠮᠥᠩᠭᠦ  ᠣᠯᠭᠤᠬᠤ ᠬᠡᠷᠡᠭᠲᠡᠶ︔ ᠳᠠᠭᠠᠳᠬᠠᠯ ᠳᠤ ᠣᠷᠣᠯᠴᠠᠭᠠᠳ 1 ᠵᠢᠯ  ᠪᠣᠯᠤᠭᠠᠳᠤᠶ  ᠠᠵᠢᠯ  ᠠᠯᠳᠠᠭᠰᠠᠨ  ᠬᠥᠯᠥᠰᠥᠨ  ᠠᠵᠢᠯᠴᠢᠨ ᠳᠤ  ᠲᠦᠷ ᠴᠠᠭ ᠤᠨ ᠠᠮᠢᠳᠤᠷᠠᠯ ᠤᠨ ᠨᠥᠬᠦᠪᠥᠷᠢ ᠣᠯᠭᠤᠨ᠎ᠠ᠃              5 . ᠮᠡᠷᠭᠡᠵᠢᠯ ᠴᠢᠳᠠᠪᠤᠷᠢ ᠪᠠᠨ ᠳᠡᠭᠡᠭᠰᠢᠯᠡᠭᠦᠯᠬᠦ ᠨᠥᠬᠦᠪᠥᠷᠢ ᠠᠪᠴᠣ ᠪᠣᠯᠣᠨ᠎ᠠ         ᠮᠡᠷᠭᠡᠵᠢᠯ ᠴᠢᠳᠠᠪᠤᠷᠢ ᠪᠠᠨ  ᠳᠡᠭᠡᠭᠰᠢᠯᠡᠭᠦᠯᠬᠦ  ᠨᠥᠬᠦᠪᠥᠷᠢ  ᠠᠪᠬᠤ ᠳᠤ  ᠠᠩᠬ᠎ᠠ  ᠵᠡᠷᠭᠡ  ᠳᠤ  ︵ᠲᠠᠪᠤᠳᠤᠭᠠᠷ  ᠳᠡᠰ︶1000  ᠲᠥᠭᠦᠷᠢᠭ ᠠᠴᠠ  ᠬᠡᠲᠦᠷᠡᠭᠦᠯᠵᠦ  ᠪᠣᠯᠬᠤ  ᠥᠬᠡᠶ᠂  ᠳᠤᠮᠳᠠ  ᠵᠡᠷᠭᠡ  ᠳᠤ  ︵ᠳᠥᠷᠪᠡᠳᠦᠭᠡᠷ  ᠳᠡᠰ︶  1500ᠲᠥᠭᠦᠷᠢᠭ ᠠᠴᠠ ᠬᠡᠲᠦᠷᠡᠭᠦᠯᠵᠦ ᠪᠣᠯᠬᠤ ᠥᠬᠡᠶ᠂ ᠳᠡᠭᠡᠳᠦ ᠵᠡᠷᠭᠡ  ᠳᠤ  ︵ᠭᠤᠷᠪᠠᠳᠤᠭᠠᠷ  ᠳᠡᠰ︶  2000  ᠲᠥᠭᠦᠷᠢᠭ ᠠᠴᠠ ᠬᠡᠲᠦᠷᠡᠭᠦᠯᠵᠦ ᠪᠣᠯᠬᠤ ᠥᠬᠡᠶ ᠪᠠᠷᠢᠮᠵᠢᠶ᠎ᠠ ᠪᠠᠷ ᠮᠡᠷᠭᠡᠵᠢᠯ ᠴᠢᠳᠠᠪᠤᠷᠢ ᠪᠠᠨ ᠳᠡᠭᠡᠭᠰᠢᠯᠡᠭᠦᠯᠬᠦ ᠨᠥᠬᠦᠪᠥᠷᠢ ᠶᠢ ᠲᠣᠭᠲᠠᠭᠠᠯ ᠶᠣᠰᠣᠭᠠᠷ ᠭᠤᠶᠤᠴᠢᠯᠠᠵᠤ ᠪᠣᠯᠤᠨ᠎ᠠ᠃             6 . ᠨᠡᠶᠢᠭᠡᠮ ᠤᠨ ᠳᠠᠭᠠᠳᠬᠠᠯ ᠤᠨ ᠨᠥᠬᠦᠪᠥᠷᠢ ᠠᠪᠴᠣ ᠪᠣᠯᠣᠨ᠎ᠠ              7 . ᠳᠠᠳᠤᠯᠭ᠎ᠠ ᠶᠢᠨ ᠨᠥᠬᠦᠪᠥᠷᠢ ᠠᠪᠴᠣ ᠪᠣᠯᠣᠨ᠎ᠠ              ᠰᠤᠷᠭᠠᠭᠤᠯᠢ ᠠᠴᠠ ᠪᠠᠨ ᠰᠠᠯᠤᠭᠠᠳ 2 ᠵᠢᠯ ᠪᠣᠯᠤᠭᠠᠳᠤᠶ ᠠᠵᠢᠯ ᠣᠯᠤᠭᠠᠳᠤᠶ ᠳᠡᠭᠡᠳᠦ ᠰᠤᠷᠭᠠᠭᠤᠯᠢ ᠲᠡᠭᠦᠰᠦᠭᠰᠡᠳ᠂16-24 ᠨᠠᠰᠤᠨ ᠤ ᠠᠵᠢᠯ ᠠᠯᠳᠠᠭᠰᠠᠨ ᠵᠠᠯᠠᠭᠤᠴᠤᠳ ᠢ ᠡᠯᠰᠡᠨ ᠠᠵᠢᠯ ᠣᠯᠭᠤᠬᠤ ᠳᠠᠳᠤᠯᠭ᠎ᠠ ᠳᠤ  ᠣᠷᠣᠯᠴᠠᠭᠤᠯᠤᠭᠰᠠᠨ‌ᠨᠢᠭᠡᠴᠡ ᠳᠤ ᠵᠣᠬᠢᠬᠤ ᠪᠠᠷᠢᠮᠵᠢᠶ᠎ᠠ ᠶᠢᠨ ᠠᠵᠢᠯ ᠣᠯᠭᠤᠬᠤ ᠳᠠᠳᠤᠯᠭ᠎ᠠ ᠶᠢᠨ ᠨᠥᠬᠦᠪᠥᠷᠢ ᠣᠯᠭᠤᠨ᠎ᠠ᠃            8 . ᠠᠳᠠᠯ ᠦᠢᠯᠡᠰ ᠴᠣᠭᠴᠠᠯᠠᠬᠤ ᠨᠢᠭᠡ ᠯᠡ ᠤᠳᠠᠭ᠎ᠠ ᠶᠢᠨ ᠴᠢᠨᠠᠷᠲᠠᠶ ᠨᠥᠬᠦᠪᠥᠷᠢ ᠠᠪᠴᠣ ᠪᠣᠯᠣᠨ᠎ᠠ              ᠠᠩᠬ᠎ᠠ ᠤᠳᠠᠭ᠎ᠠ ᠵᠢᠵᠢᠭ ᠪᠢᠴᠢᠯ ᠠᠵᠤ ᠠᠬᠤᠶᠢᠯᠠᠯ  ᠡᠭᠦᠳᠦᠨ  ᠪᠠᠶᠢᠭᠤᠯᠤᠭᠰᠠᠨ  ᠪᠤᠶᠤ  ᠬᠤᠪᠢ ᠶᠢᠨ  ᠡᠵᠡᠩᠨᠡᠯᠲᠡ‌‍ᠬᠢᠭᠰᠡᠨ ᠮᠥᠷᠲᠡᠭᠡᠨ ᠡᠭᠦᠳᠦᠨ ᠪᠠᠶᠢᠭᠤᠯᠤᠭᠰᠠᠨ ᠠᠵᠤ ᠠᠬᠤᠶᠢᠯᠠᠯ ᠪᠤᠶᠤ ᠬᠤᠪᠢ ᠶᠢᠨ  ᠠᠵᠤ  ᠦᠢᠯᠡᠳᠪᠤᠷᠢ  ᠬᠤᠳᠠᠯᠳᠤᠭᠠᠨ ‍ᠤ‌ᠡᠷᠦᠬᠡ ᠨᠢ ᠠᠵᠤ ᠦᠢᠯᠡᠳᠪᠤᠷᠢ  ᠬᠤᠳᠠᠯᠳᠤᠭ᠎ᠠ ᠳᠤ  ᠲᠡᠮᠳᠡᠭᠯᠡᠭᠦᠯᠦᠨ  ᠳᠠᠩᠰᠠᠯᠠᠭᠤᠯᠤᠭᠰᠠᠨ  ᠡᠳᠦᠷ ᠠᠴᠠ  ᠡᠬᠢᠯᠡᠨ  ᠬᠡᠪ ᠤᠨ ᠶᠣᠰᠣᠭᠠᠷ 1 ᠵᠢᠯ ᠠᠴᠠ ᠳᠡᠭᠡᠭᠰᠢ ᠠᠵᠢᠯᠯᠠᠭᠰᠠᠳ᠂ ᠠᠵᠢᠯ ᠣᠯᠬᠤ ᠳᠤ  ᠬᠦᠴᠢᠷᠲᠡᠶ  ᠬᠥᠮᠦᠰ᠂  ᠨᠤᠲᠤᠭ ᠲᠠᠭᠠᠨ  ᠪᠤᠴᠠᠭᠰᠠᠨ‌‍ᠲ᠋ᠠᠷᠢᠶᠠᠴᠢᠨ ᠬᠦᠴᠦ ᠶᠠᠪᠤᠭᠰᠠᠳ ᠲᠤ ᠠᠳᠠᠯ ᠦᠢᠯᠡᠰ ᠴᠣᠭᠴᠠᠯᠠᠬᠤ ᠨᠢᠭᠡ ᠤᠳᠠᠭ᠎ᠠ ᠶᠢᠨ ᠴᠢᠨᠠᠷᠲᠠᠶ ᠨᠥᠬᠦᠪᠥᠷᠢ ᠣᠯᠭᠤᠨ᠎ᠠ ᠃              9.ᠠᠵᠢᠯ ᠡᠷᠢᠵᠦ ᠠᠳᠠᠯ ᠦᠢᠯᠡᠰ ᠴᠣᠭᠴᠠᠯᠠᠬᠤ ᠨᠢᠭᠡ ᠯᠡ ᠤᠳᠠᠭ᠎ᠠ ᠶᠢᠨ ᠴᠢᠨᠠᠷᠲᠠᠶ ᠨᠥᠬᠦᠪᠥᠷᠢ ᠠᠪᠴᠣ ᠪᠣᠯᠣᠨ᠎ᠠ            10. ᠠᠵᠢᠯ ᠮᠡᠷᠭᠡᠵᠢᠯ ᠤᠨ ᠪᠣᠯᠪᠠᠰᠤᠷᠠᠯ ᠤᠨ ᠨᠥᠬᠦᠪᠥᠷᠢ ᠪᠠ ᠠᠵᠢᠯ ᠮᠡᠷᠭᠡᠵᠢᠯ ᠤᠨ ᠤᠷ᠎ᠠ ᠴᠢᠳᠠᠪᠤᠷᠢ ᠶᠢᠨ  ᠬᠢᠨᠠᠨ ᠲᠣᠭᠲᠠᠭᠠᠯᠲᠠ ᠶᠢᠨ ᠨᠥᠬᠦᠪᠥᠷᠢ ᠠᠪᠴᠣ ᠪᠣᠯᠣᠨ᠎ᠠ
ᠢᠷᠡᠯᠲᠡ᠄ ᠠᠷᠠᠳ ᠤᠨ ᠰᠦᠯᠵᠢᠶ᠎ᠡ