ᠪᠤᠯᠴᠢᠩ ᠬᠢᠭᠡᠳ ᠴᠡᠭᠡᠵᠢᠯᠡᠬᠦ ᠴᠢᠳᠠᠪᠤᠷᠢ
ᠨᠡᠶᠢᠲᠡᠯᠡᠭᠰᠡᠨ ᠴᠠᠭ᠄
2022/9/30
     ᠠᠦ᠋ᠰᠳ᠋ᠷᠠᠯᠢᠶ᠎ᠠ ᠶᠢᠨ ᠰᠢᠨ᠎ᠡ ᠸᠢᠷᠱ ᠵᠸᠤ ᠶᠢᠨ ᠶᠡᠭᠡ ᠰᠣᠷᠭᠠᠭᠤᠯᠢ ᠶᠢᠨ ᠶᠡᠭᠡ ᠲᠠᠷᠢᠬᠢᠨ ᠤ ᠡᠷᠡᠭᠦᠯᠵᠢᠯ ᠤᠨ ᠲᠦᠪ ᠤᠨ ᠰᠣᠳᠣᠯᠭᠠᠳᠠᠳ ᠤᠨ ᠣᠯᠵᠤ ᠮᠡᠳᠡᠭᠰᠡᠨ ᠢᠶᠠᠷ᠂ ᠪᠤᠯᠴᠢᠩ ᠢᠶᠠᠨ ᠪᠤᠯᠪᠠᠰᠤᠷᠠᠪᠠᠯ ᠬᠦᠮᠦᠨ ᠤ ᠲᠠᠨᠢᠬᠤᠢ ᠶᠢᠨ ᠴᠢᠳᠠᠪᠤᠷᠢ ᠶᠢ ᠲᠡᠭᠡᠭᠰᠢᠯᠡᠭᠦᠯᠵᠦ᠂ ᠴᠡᠭᠡᠵᠢᠯᠡᠬᠦ ᠴᠢᠳᠠᠪᠤᠷᠢ ᠶᠢ ᠲᠡᠭᠡᠭᠰᠢᠯᠡᠭᠦᠯᠳᠡᠭ᠃ ᠪᠤᠯᠴᠢᠩ ᠤᠨ ᠴᠢᠳᠠᠯ ᠬᠢᠭᠡᠳ ᠶᠡᠭᠡ ᠲᠠᠷᠢᠬᠢᠨ ᠤ ᠲᠠᠨᠢᠬᠤᠢ ᠶᠢᠨ ᠴᠢᠳᠠᠪᠬᠢ ᠶᠢᠨ ᠬᠤᠭᠤᠷᠤᠨᠳᠣᠬᠢ ᠬᠠᠷᠢᠴᠠᠭ᠎ᠠ ᠶᠢ ᠭᠦᠨᠵᠡᠭᠡᠢ ᠰᠦᠪᠡᠭᠴᠢᠯᠡᠬᠦ ᠶᠢᠨ ᠲᠦᠯᠦᠭᠡ᠂ ᠰᠤᠳᠤᠯᠭᠠᠳᠠᠳ ᠬᠡᠰᠡᠭ ᠬᠦᠩᠭᠡᠨ ᠰᠢᠭ ᠲᠠᠨᠢᠬᠤᠢ ᠶᠢᠨ ᠴᠢᠳᠠᠪᠤᠷᠢ ᠶᠢᠨ ᠬᠠᠷᠰᠢ ᠲᠠᠢ ᠰᠠᠶᠢᠨ ᠳᠣᠷᠠᠴᠤᠤᠯ ᠢ ᠡᠯᠰᠡᠨ ᠳᠣᠭᠤᠶᠢᠯᠠᠩ ᠬᠤᠪᠢᠶᠠᠵᠤ ᠬᠡᠮᠵᠢᠨ ᠳᠤᠷᠰᠢᠭᠰᠠᠨ ᠤ ᠬᠠᠮᠳᠤ ᠲᠡᠳᠡᠨ ᠤ ᠲᠠᠷᠢᠬᠢᠨ ᠤ ᠬᠡᠰᠡᠭ ᠤᠨ ᠲᠠᠮᠢᠷ ᠤᠨ ᠬᠦᠳᠡᠯᠭᠡᠭᠡᠨ ᠤ ᠪᠠᠶᠢᠳᠠᠯ ᠢ ᠬᠡᠮᠵᠢᠪᠡ᠃ ᠨᠢᠭᠡ ᠳᠤᠭᠤᠶᠢᠯᠠᠩ ᠤᠨ ᠰᠠᠶᠢᠨ ᠳᠤᠷᠠᠴᠤᠤᠯ ᠢᠶᠠᠷ ᠭᠠᠷᠠᠭ ᠪᠦᠷᠢ ᠬᠤᠶᠠᠷ ᠣᠳᠠᠭ᠎ᠠ ᠬᠦᠨᠳᠦ ᠶᠢ ᠡᠷᠭᠦᠭᠦᠯᠦᠨ᠂ ᠡᠭᠦᠨ ᠢ 6 ᠰᠠᠷ᠎ᠠ ᠪᠠᠷᠢᠮᠳᠠᠯᠠᠭᠤᠯᠪᠠ︔ ᠨᠦᠭᠦᠭᠡ ᠨᠢᠭᠡ ᠳᠣᠭᠤᠶᠢᠯᠠᠩ ᠤᠨ ᠬᠢᠨ ᠢᠶᠠᠷ ᠶᠠᠮᠠᠷ ᠴᠤ ᠪᠤᠯᠪᠠᠰᠣᠷᠠᠯ ᠬᠢᠯᠭᠡᠭᠰᠡᠨ ᠦᠭᠡᠢ᠃ ᠡᠭᠦᠨ ᠤ ᠲᠠᠷᠠᠭ᠎ᠠ ᠰᠤᠳᠤᠯᠭᠠᠳᠠᠳ ᠨᠠᠰᠣᠵᠢᠯ ᠤᠨ ᠮᠡᠨᠡᠭ ᠡᠪᠡᠳᠴᠢᠨ ᠢ ᠦᠨᠡᠯᠡᠬᠦ ᠵᠠᠭᠪᠤᠷ ᠢᠶᠠᠷ ᠰᠤᠳᠤᠯᠭᠠᠨ ᠤ ᠨᠢᠭᠤᠷᠯᠠᠯ ᠤᠨ ᠢᠶᠠᠨ ᠲᠠᠨᠢᠬᠤᠢ ᠶᠢᠨ ᠴᠢᠳᠠᠪᠤᠷᠢ ᠳᠤ ᠦᠨᠡᠯᠡᠯᠳᠡ ᠬᠢᠪᠡ᠃ ᠡᠭᠦᠨ ᠳᠤ᠂ ᠪᠤᠯᠴᠢᠩ ᠪᠤᠯᠪᠠᠰᠤᠷᠠᠭᠰᠠᠨ ᠰᠠᠶᠢᠨ ᠳᠣᠷᠠᠴᠣᠣᠯ ᠤᠨ ᠶᠡᠭᠡ ᠳᠠᠷᠢᠬᠢᠨ ᠤ ᠲᠠᠨᠢᠬᠤᠢ ᠶᠢᠨ ᠬᠡᠮᠵᠢᠶ᠎ᠡ ᠨᠢ ᠪᠤᠯᠪᠠᠰᠤᠷᠠᠭᠰᠠᠨ ᠦᠭᠡᠢ ᠳᠤᠭᠤᠶᠢᠯᠠᠩ ᠤᠨ ᠬᠢᠨ ᠠᠴᠠ ᠢᠯᠡᠳᠳᠡ ᠦᠨᠳᠦᠷ ᠪᠠᠶᠢᠵᠤ᠂ ᠴᠡᠭᠡᠵᠢᠯᠡᠬᠦ ᠴᠢᠳᠠᠪᠤᠷᠢ ᠨᠢ ᠴᠤ ᠨᠡᠩ ᠰᠠᠶᠢᠨ ᠪᠠᠶᠢᠪᠠ᠃ ᠰᠣᠳᠣᠯᠭᠠᠳᠠᠳ ᠤᠨ ᠢᠯᠡᠷᠬᠡᠶᠢᠯᠡᠭᠰᠡᠨ ᠢᠶᠠᠷ᠂ ᠪᠤᠯᠴᠢᠩ ᠤᠨ ᠴᠢᠳᠠᠯ ᠬᠡᠳᠦᠢ ᠶᠡᠭᠡ ᠪᠤᠯ ᠶᠡᠭᠡ ᠲᠠᠷᠢᠬᠢᠨ ᠳᠤ ᠲᠠᠳᠦᠢ ᠲᠤᠰᠠᠳᠠᠢ᠃ ᠬᠡᠷᠪᠡ ᠨᠡᠩ ᠤᠯᠠᠨ ᠨᠠᠰᠤᠳᠠᠶᠢᠴᠣᠣᠯ ᠢᠶᠠᠷ ᠪᠤᠯᠴᠢᠩ ᠤᠨ ᠪᠤᠯᠪᠠᠰᠤᠷᠠᠯ ᠬᠢᠯᠭᠡᠪᠡᠯ ᠲᠡᠳᠡᠨ ᠤ ᠡᠷᠡᠭᠦᠯ ᠮᠡᠨᠳᠦ ᠳᠤ ᠨᠡᠩ ᠲᠤᠰᠠᠳᠠᠢ ᠪᠠᠶᠢᠵᠦ᠂ ᠨᠠᠰᠤᠨ ᠬᠤᠳᠤᠭ ᠨᠢ ᠨᠡᠩ ᠣᠷᠳᠣ ᠪᠤᠯᠤᠨ᠎ᠠ ᠃ ᠨᠠᠰᠣᠳᠠᠶᠢᠴᠣᠣᠯ ᠭᠠᠷᠠᠭ ᠲᠤ ᠨᠠᠭᠠᠳᠣ ᠵᠠᠬ᠎ᠠ ᠳᠠᠭᠠᠨ ᠬᠤᠶᠠᠷ ᠤᠳᠠᠭ᠎ᠠ ᠪᠤᠯᠴᠢᠩ ᠢᠶᠠᠨ ᠪᠤᠯᠪᠠᠰᠤᠷᠠᠭᠤᠯᠵᠤ᠂ ᠵᠤᠬᠢᠬᠤ ᠬᠡᠪᠴᠢᠶᠡᠨ ᠳᠤ ᠪᠤᠯᠪᠠᠰᠤᠷᠠᠬᠤ ᠡᠷᠴᠢᠮ ᠢᠶᠠᠨ ᠨᠡᠯᠢᠶᠡᠳ ᠦᠨᠳᠦᠷ ᠲᠦᠪᠰᠢᠨ ᠳᠤ ᠪᠠᠶᠢᠯᠭᠠᠪᠠᠯ ᠤᠢ ᠪᠢᠯᠢᠭ ᠲᠤᠨᠢ ᠮᠠᠰᠢ ᠲᠤᠰᠠᠳᠠᠢ᠃    
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠲᠠᠮᠢᠷ ᠤᠨ ᠲᠣᠪᠴᠢᠶ᠎ᠠ