ᠠᠯᠬᠤᠬᠤ ᠨᠢ ᠤᠯᠠᠨ ᠵᠦᠢᠯ ᠤᠨ ᠦᠮᠠᠨ ᠢ ᠰᠡᠷᠭᠡᠶᠢᠯᠡᠨ᠎ᠡ
ᠨᠡᠶᠢᠲᠡᠯᠡᠭᠰᠡᠨ ᠴᠠᠭ᠄
2022/9/30
      ᠠᠩᠭ᠍ᠯᠢ ᠶᠢᠨ ᠠᠰᠠᠷᠠᠮᠵᠢ ᠶᠢᠨ ᠵᠤᠬᠢᠶᠠᠨ ᠪᠠᠶᠢᠭᠤᠯᠤᠯᠲᠠ ᠶᠢᠨ ᠠᠯᠬᠤᠬᠴᠢᠳ ᠤᠨ ᠨᠡᠶᠢᠭᠡᠮᠯᠢᠩ ᠪᠠ ᠮᠠᠶᠢᠺᠮᠢᠯᠦ᠋ᠨ ᠦᠮᠠᠨ ᠤ ᠲᠤᠰᠠᠯᠠᠮᠵᠢ ᠶᠢᠨ ᠲᠦᠪ ᠤᠨ ᠬᠠᠮᠤᠭ ᠤᠨ ᠰᠢᠨ᠎ᠡ ᠰᠣᠳᠣᠯᠭᠠᠨ ᠳᠤ ᠣᠯᠵᠣ ᠮᠡᠳᠡᠭᠰᠡᠨ ᠢᠶᠠᠷ᠂ ᠡᠳᠦᠷ ᠪᠦᠷᠢ 1.6 ᠺᠢᠯᠦᠮᠧᠳ᠋ᠷ ᠵᠠᠮ ᠢ 20 ᠮᠢᠨᠦ᠋ᠲ ᠲᠤ ᠶᠠᠪᠤᠵᠤ ᠪᠠᠷᠠᠬᠤ ᠶᠢ ᠪᠠᠷᠢᠮᠳᠠᠯᠠᠪᠠᠯ ᠬᠦᠬᠦᠨ ᠪᠤᠯᠴᠢᠷᠬᠠᠢ ᠶᠢᠨ ᠦᠮᠠᠨ᠂ ᠣᠷᠢᠳᠤ ᠪᠤᠯᠴᠢᠷᠬᠠᠢ ᠶᠢᠨ ᠦᠮᠠᠨ᠂ ᠭᠡᠳᠡᠰᠤᠨ ᠤ ᠦᠮᠠᠨ ᠤ ᠵᠠᠰᠠᠯᠭ᠎ᠠ ᠳᠤ ᠢᠯᠡᠳᠳᠡ ᠲᠤᠰᠠᠳᠠᠢ ᠪᠠᠶᠢᠳᠠᠭ᠂ ᠬᠠᠮᠤᠭ ᠤᠨ ᠦᠨᠳᠦᠷ ᠲᠡᠭᠡᠨ 50 % ᠢᠶᠠᠷ ᠠᠳᠡᠭᠦ ᠨᠤᠷᠮ᠎ᠠ ᠶᠢ ᠲᠤᠷᠤᠭᠰᠢᠯᠠᠭᠤᠯᠤᠨ᠎ᠠ᠃ ᠡᠬᠦᠨ ᠪᠠᠷ ᠪᠠᠷᠠᠬᠤ ᠦᠭᠡᠢ᠂ ᠠᠯᠬᠤᠬᠤ ᠨᠢ ᠦᠯᠦ ᠬᠠᠯᠳᠠᠭᠠᠬᠤ ᠴᠢᠳᠠᠯ ᠢ ᠨᠡᠮᠡᠭᠳᠡᠭᠦᠯᠳᠡᠭ ᠢᠶᠠᠷ ᠪᠠᠷᠠᠬᠤ ᠦᠭᠡᠢ᠂ ᠲᠤᠳᠤᠭᠠᠳᠤ ᠱᠦᠭᠦᠷᠡᠯᠳᠡ ᠶᠢ ᠰᠠᠶᠢᠵᠢᠷᠠᠭᠤᠯᠤᠨ᠂ ᠬᠤᠷᠮᠤᠨ ᠤ ᠲᠦᠪᠰᠢᠨ ᠢ ᠵᠤᠬᠢᠴᠠᠭᠤᠯᠬᠤ᠂ ᠦᠮᠠᠨ ᠢ ᠰᠡᠷᠭᠡᠶᠢᠯᠡᠬᠦ᠂ ᠦᠮᠠᠨ ᠢ ᠡᠰᠡᠷᠭᠦᠴᠡᠬᠦ ᠲᠠᠯ᠎ᠠ ᠪᠠᠷ ᠲᠤᠪᠤᠶᠢᠮ᠎ᠠ ᠦᠢᠯᠡᠳᠦᠯ ᠲᠠᠢ ᠪᠠᠶᠢᠳᠠᠭ᠃      ᠬᠦᠬᠦᠨ ᠪᠤᠯᠴᠢᠷᠬᠠᠢ ᠶᠢᠨ ᠦᠮᠠᠨ ᠢ ᠰᠡᠷᠭᠡᠶᠢᠯᠡᠨ᠎ᠡ᠃ ᠹᠠᠷᠠᠨᠼᠢ ᠶᠢᠨ ᠨᠢᠭᠡᠨ 400 ᠲᠦᠮᠡᠨ ᠡᠮᠡᠭᠲᠠᠶᠢᠴᠤᠤᠯ ᠳᠤ ᠬᠤᠯᠪᠤᠭᠳᠠᠬᠤ ᠰᠣᠳᠣᠯᠭᠠᠨ ᠳᠤ ᠢᠯᠡᠷᠬᠡᠶᠢᠯᠭᠰᠡᠨ ᠢᠶᠠᠷ᠂ ᠶᠠᠮᠠᠷᠪᠠ ᠨᠠᠰᠤᠨ ᠤ ᠡᠮᠡᠭᠲᠠᠢ ᠡᠳᠦᠷ ᠪᠦᠷᠢ 1 ᠴᠠᠭ ᠲᠦᠷᠭᠡᠨ ᠠᠯᠬᠤᠬᠤ ᠶᠢ ᠪᠠᠷᠢᠮᠳᠠᠯᠠᠪᠠᠯ ᠬᠦᠬᠦᠨ ᠪᠤᠯᠴᠢᠷᠬᠠᠢ ᠶᠢᠨ ᠦᠮᠠᠨ ᠳᠤ ᠨᠡᠷᠪᠡᠭᠳᠡᠬᠦ ᠨᠤᠷᠮ᠎ᠠ ᠶᠢ 12 % ᠢᠶᠠᠷ ᠲᠤᠷᠤᠰᠢᠯᠠᠭᠤᠯᠳᠠᠭ᠃ ᠭᠡᠳᠡᠰᠤᠨ ᠤ ᠦᠮᠠᠨ ᠢ ᠰᠡᠷᠭᠡᠶᠢᠯᠡᠨ᠎ᠡ᠃ ᠬᠠᠹᠦ᠋ ᠶᠡᠭᠡ ᠰᠣᠷᠭᠠᠭᠤᠯᠢ ᠶᠢᠨ 7 ᠲᠦᠮᠡᠨ ᠬᠦᠮᠦᠨ ᠳᠤ ᠴᠢᠭᠯᠡᠭᠦᠯᠦᠭᠰᠡᠨ ᠤᠷᠳᠤ ᠬᠤᠭᠤᠴᠠᠭᠠᠨ ᠤ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠡᠳᠦᠷ ᠪᠦᠷᠢ 1 ᠴᠠᠭ ᠠᠯᠬᠤᠬᠤ ᠶᠢ ᠪᠠᠷᠢᠮᠳᠠᠯᠠᠪᠠᠯ᠂ ᠰᠢᠯᠤᠭᠤᠨ ᠭᠡᠳᠡᠰᠤᠨ ᠤ ᠦᠮᠠᠨ ᠳᠤ ᠨᠡᠷᠪᠡᠭᠳᠡᠬᠦ ᠨᠤᠷᠮ᠎ᠠ ᠶᠢ ᠬᠠᠭᠠᠰ ᠪᠠᠷ ᠪᠠᠭᠤᠷᠠᠭᠤᠯᠳᠠᠭ᠃      ᠨᠦᠢᠷ ᠤᠨ ᠪᠤᠯᠴᠢᠷᠬᠠᠢ ᠶᠢᠨ ᠦᠮᠠᠨ ᠢ ᠰᠡᠷᠭᠡᠶᠢᠯᠡᠨ᠎ᠡ᠃ ᠠᠮᠧᠷᠢᠺᠠ ᠶᠢᠨ ︽ᠤᠩᠰᠢᠭᠴᠢᠳ ᠤᠨ ᠱᠦᠭᠦᠮᠡᠭ︾ ᠰᠡᠳᠭᠦᠯ ᠳᠤ ᠨᠡᠶᠢᠳᠡᠯᠡᠭᠳᠡᠭᠰᠡᠨ ᠨᠢᠭᠡᠨ ᠰᠤᠳᠤᠯᠭᠠᠨ ᠤ ᠪᠦᠳᠦᠭᠡᠯ ᠳᠤ ᠵᠢᠭᠠᠵᠤ ᠭᠠᠷᠭᠠᠭᠰᠠᠨ ᠢᠶᠠᠷ᠂ ᠡᠳᠦᠷ ᠪᠦᠷᠢ ᠬᠤᠭᠤᠯᠠᠨ ᠤ ᠲᠠᠷᠠᠭ᠎ᠠ 30 ᠮᠢᠨᠦ᠋ᠲ ᠰᠤᠯᠠ ᠠᠯᠬᠤᠯᠠᠪᠠᠯ ᠨᠦᠢᠷ ᠤᠨ ᠪᠤᠯᠴᠢᠷᠬᠠᠢ ᠶᠢᠨ ᠦᠮᠠᠨ ᠳᠤ ᠨᠡᠷᠪᠡᠭᠳᠡᠬᠦ ᠨᠤᠷᠮ᠎ᠠ ᠶᠢ ᠬᠠᠭᠠᠰ ᠢᠶᠠᠷ ᠪᠠᠭᠤᠷᠠᠭᠤᠯᠳᠠᠭ᠃      ᠤᠷᠢᠳᠤ ᠪᠤᠯᠴᠢᠷᠬᠠᠢ ᠶᠢᠨ ᠦᠮᠠᠨ ᠢ ᠡᠰᠡᠷᠭᠦᠴᠡᠨ᠎ᠡ᠃ ᠠᠮᠧᠷᠢᠺᠠ ᠶᠢᠨ ᠺᠠᠯᠢᠹᠦᠷᠨᠢᠶ᠎ᠠ ᠵᠸᠤ ᠶᠢᠨ ᠶᠡᠭᠡ ᠰᠤᠷᠭᠠᠭᠤᠯᠢ ᠶᠢᠨ ᠰᠣᠳᠣᠯᠭᠠᠳᠠᠳ 1455 ᠤᠷᠢᠳᠤ ᠪᠤᠯᠴᠢᠷᠬᠠᠢ ᠶᠢᠨ ᠦᠮᠠᠨ ᠡᠪᠡᠳᠴᠢᠳᠠᠨ ᠳᠤ ᠤᠷᠳᠤ ᠬᠤᠭᠤᠴᠠᠭᠠᠨ ᠤ ᠮᠦᠷᠳᠠᠨ ᠪᠠᠶᠢᠴᠠᠭᠠᠯᠲᠠ ᠬᠢᠵᠦ ᠢᠯᠡᠷᠡᠭᠦᠯᠦᠭᠰᠡᠨ ᠢᠶᠠᠷ᠂ ᠭᠠᠷᠠᠭ ᠪᠦᠷᠢ 3 ᠴᠠᠠᠭ ᠲᠦᠷᠭᠡᠨ ᠠᠯᠬᠤᠪᠠᠯ ᠦᠮᠠᠨ ᠡᠪᠡᠳᠴᠢᠨ ᠤ ᠬᠦᠨᠳᠦᠷᠡᠬᠦ ᠬᠡᠮᠵᠢᠶ᠎ᠡ ᠨᠢ ᠬᠦᠳᠡᠯᠭᠡᠭᠡᠨ ᠬᠢᠳᠡᠭ ᠦᠭᠡᠢ ᠬᠦᠮᠦᠨ ᠠᠴᠠ 57% ᠢᠶᠠᠷ ᠲᠤᠤᠷ᠎ᠠ ᠪᠠᠶᠢᠳᠠᠭ᠃      ᠠᠯᠬᠤᠬᠤ ᠶᠢᠨ ᠠᠰᠢᠭ ᠲᠣᠰᠠ ᠶᠢ ᠪᠠᠳᠠᠷᠠᠭᠤᠯᠬᠤ ᠳᠤ ᠶᠠᠪᠤᠵᠤ ᠰᠠᠭᠤᠬᠤ ᠠᠯᠬᠤᠬᠤ ᠬᠡᠰᠬᠢᠬᠦ ᠬᠡᠪ ᠨᠠᠮᠪᠠ᠂ ᠭᠠᠵᠠᠷ᠂ ᠡᠮᠦᠰᠭᠡᠯ ᠵᠠᠰᠠᠯ᠂ ᠴᠠᠭ ᠵᠢᠴᠢ ᠬᠤᠷᠳᠤᠴᠠ ᠵᠡᠷᠭᠡ ᠶᠢ ᠠᠩᠬᠠᠷᠤᠭᠤᠰᠢᠲᠠᠢ᠃ ᠠᠯᠬᠤᠯᠠᠬᠤ ᠳᠠᠭᠠᠨ ᠠᠯᠤᠰ ᠢ ᠰᠢᠷᠳᠡᠨ ᠴᠡᠭᠡᠵᠢ ᠪᠠᠨ ᠲᠡᠨᠡᠶᠢᠯᠭᠡᠵᠦ᠂ ᠲᠡᠭᠰᠢ ᠤᠯᠠ ᠲᠠᠢ ᠱᠠᠬᠠᠢ ᠡᠮᠦᠰᠦᠨ ᠵᠢᠭᠳᠡ ᠬᠤᠷᠳᠤᠴᠠ ᠪᠠᠷ ᠶᠠᠪᠤᠨ᠎ᠠ᠃ ᠬᠠᠮᠤᠭ ᠤᠨ ᠰᠠᠶᠢᠨ ᠨᠢ ᠦᠳᠡ ᠶᠢᠨ ᠬᠤᠶᠢᠨᠠᠬᠢ 4 ᠴᠠᠭ ᠤᠨ ᠦᠶᠡᠰ ᠢᠶᠠᠷ ᠨᠢᠭᠡ ᠰᠧᠺᠦ᠋ᠨ᠋ᠳ᠋ ᠲᠤ ᠬᠤᠶᠠᠷ ᠠᠯᠬᠤᠮ ᠠᠯᠬᠤᠪᠠᠯ ᠦᠶ᠎ᠡ ᠬᠡᠰᠢᠭᠦᠨ ᠤ ᠱᠠᠯᠠᠮᠠᠭᠠᠢ ᠠᠮᠢᠳᠣᠯᠢᠭ᠂ ᠵᠢᠷᠦᠭᠡᠨ ᠴᠤᠬᠢᠯᠭ᠎ᠠ ᠪᠠ ᠴᠢᠰᠤᠨ ᠲᠠᠷᠤᠯᠳᠠ ᠶᠢ ᠲᠤᠭᠳᠠᠭᠤᠨ ᠪᠠᠶᠢᠯᠭᠠᠳᠠᠭ᠃ ᠭᠡᠬᠦ ᠳᠡᠭᠡᠨ ᠴᠠᠭ ᠲᠠᠷᠤᠢ ᠳᠤᠨᠢ ᠤᠰᠤ ᠨᠦᠬᠦᠪᠦᠷᠢᠯᠡᠬᠦ ᠶᠢ ᠠᠩᠬᠠᠷᠬᠤ ᠴᠢᠬᠤᠯᠠᠲᠠᠢ᠃    
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠲᠠᠮᠢᠷ ᠤᠨ ᠲᠣᠪᠴᠢᠶ᠎ᠠ