ᠪᠤᠯᠴᠢᠩ ᠬᠢᠭᠡᠳ ᠴᠡᠭᠡᠵᠢᠯᠡᠬᠦ ᠴᠢᠳᠠᠪᠤᠷᠢ ᠠᠦ᠋ᠰᠳ᠋ᠷᠠᠯᠢᠶ᠎ᠠ ᠶᠢᠨ ᠰᠢᠨ᠎ᠡ ᠸᠢᠷᠱ ᠵᠸᠤ ᠶᠢᠨ ᠶᠡᠭᠡ ᠰᠣᠷᠭᠠᠭᠤᠯᠢ ᠶᠢᠨ ᠶᠡᠭᠡ ᠲᠠᠷᠢᠬᠢᠨ ᠤ ᠡᠷᠡᠭᠦᠯᠵᠢᠯ ᠤᠨ | ᠲᠦᠪ ᠤᠨ ᠰᠣᠳᠣᠯᠭᠠᠳᠠᠳ ᠤᠨ ᠣᠯᠵᠤ ᠮᠡᠳᠡᠭᠰᠡᠨ ᠢᠶᠠᠷ᠂ ᠪᠤᠯᠴᠢᠩ ᠢᠶᠠᠨ ᠪᠤᠯᠪᠠᠰᠤᠷᠠᠪᠠᠯ ᠬᠦᠮᠦᠨ ᠤ ᠲᠠᠨᠢᠬᠤᠢ ᠶᠢᠨ ᠴᠢᠳᠠᠪᠤᠷᠢ ᠶᠢ ᠲᠡᠭᠡᠭᠰᠢᠯᠡᠭᠦᠯᠵᠦ᠂ ᠴᠡᠭᠡᠵᠢᠯᠡᠬᠦ | ᠴᠢᠳᠠᠪᠤᠷᠢ ᠶᠢ ᠲᠡᠭᠡᠭᠰᠢᠯᠡᠭᠦᠯᠳᠡᠭ᠃ ᠪᠤᠯᠴᠢᠩ ᠤᠨ ᠴᠢᠳᠠᠯ ᠬᠢᠭᠡᠳ ᠶᠡᠭᠡ ᠲᠠᠷᠢᠬᠢᠨ ᠤ ᠲᠠᠨᠢᠬᠤᠢ ᠶᠢᠨ ᠴᠢᠳᠠᠪᠬᠢ ᠶᠢᠨ ᠬᠤᠭᠤᠷᠤᠨᠳᠣᠬᠢ ᠬᠠᠷᠢᠴᠠᠭ᠎ᠠ ᠶᠢ ᠭᠦᠨᠵᠡᠭᠡᠢ | ᠰᠦᠪᠡᠭᠴᠢᠯᠡᠬᠦ ᠶᠢᠨ ᠲᠦᠯᠦᠭᠡ᠂ ᠰᠤᠳᠤᠯᠭᠠᠳᠠᠳ ᠬᠡᠰᠡᠭ ᠬᠦᠩᠭᠡᠨ ᠰᠢᠭ ᠲᠠᠨᠢᠬᠤᠢ ᠶᠢᠨ ᠴᠢᠳᠠᠪᠤᠷᠢ ᠶᠢᠨ ᠬᠠᠷᠰᠢ ᠲᠠᠢ ᠰᠠᠶᠢᠨ ᠳᠣᠷᠠᠴᠤᠤᠯ ᠢ ᠡᠯᠰᠡᠨ ᠳᠣᠭᠤᠶᠢᠯᠠᠩ | ᠬᠤᠪᠢᠶᠠᠵᠤ ᠬᠡᠮᠵᠢᠨ ᠳᠤᠷᠰᠢᠭᠰᠠᠨ ᠤ ᠬᠠᠮᠳᠤ ᠲᠡᠳᠡᠨ ᠤ ᠲᠠᠷᠢᠬᠢᠨ ᠤ ᠬᠡᠰᠡᠭ ᠤᠨ ᠲᠠᠮᠢᠷ ᠤᠨ ᠬᠦᠳᠡᠯᠭᠡᠭᠡᠨ ᠤ ᠪᠠᠶᠢᠳᠠᠯ ᠢ ᠬᠡᠮᠵᠢᠪᠡ᠃ ᠨᠢᠭᠡ ᠳᠤᠭᠤᠶᠢᠯᠠᠩ ᠤᠨ | ᠰᠠᠶᠢᠨ ᠳᠤᠷᠠᠴᠤᠤᠯ ᠢᠶᠠᠷ ᠭᠠᠷᠠᠭ ᠪᠦᠷᠢ ᠬᠤᠶᠠᠷ ᠣᠳᠠᠭ᠎ᠠ ᠬᠦᠨᠳᠦ ᠶᠢ ᠡᠷᠭᠦᠭᠦᠯᠦᠨ᠂ ᠡᠭᠦᠨ ᠢ 6 ᠰᠠᠷ᠎ᠠ ᠪᠠᠷᠢᠮᠳᠠᠯᠠᠭᠤᠯᠪᠠ︔ ᠨᠦᠭᠦᠭᠡ ᠨᠢᠭᠡ | ᠳᠣᠭᠤᠶᠢᠯᠠᠩ ᠤᠨ ᠬᠢᠨ ᠢᠶᠠᠷ ᠶᠠᠮᠠᠷ ᠴᠤ ᠪᠤᠯᠪᠠᠰᠣᠷᠠᠯ ᠬᠢᠯᠭᠡᠭᠰᠡᠨ ᠦᠭᠡᠢ᠃ ᠡᠭᠦᠨ ᠤ ᠲᠠᠷᠠᠭ᠎ᠠ ᠰᠤᠳᠤᠯᠭᠠᠳᠠᠳ ᠨᠠᠰᠣᠵᠢᠯ ᠤᠨ ᠮᠡᠨᠡᠭ ᠡᠪᠡᠳᠴᠢᠨ ᠢ ᠦᠨᠡᠯᠡᠬᠦ | ᠵᠠᠭᠪᠤᠷ ᠢᠶᠠᠷ ᠰᠤᠳᠤᠯᠭᠠᠨ ᠤ ᠨᠢᠭᠤᠷᠯᠠᠯ ᠤᠨ ᠢᠶᠠᠨ ᠲᠠᠨᠢᠬᠤᠢ ᠶᠢᠨ ᠴᠢᠳᠠᠪᠤᠷᠢ ᠳᠤ ᠦᠨᠡᠯᠡᠯᠳᠡ ᠬᠢᠪᠡ᠃ ᠡᠭᠦᠨ ᠳᠤ᠂ ᠪᠤᠯᠴᠢᠩ ᠪᠤᠯᠪᠠᠰᠤᠷᠠᠭᠰᠠᠨ ᠰᠠᠶᠢᠨ | ᠳᠣᠷᠠᠴᠣᠣᠯ ᠤᠨ ᠶᠡᠭᠡ ᠳᠠᠷᠢᠬᠢᠨ ᠤ ᠲᠠᠨᠢᠬᠤᠢ ᠶᠢᠨ ᠬᠡᠮᠵᠢᠶ᠎ᠡ ᠨᠢ ᠪᠤᠯᠪᠠᠰᠤᠷᠠᠭᠰᠠᠨ ᠦᠭᠡᠢ ᠳᠤᠭᠤᠶᠢᠯᠠᠩ ᠤᠨ ᠬᠢᠨ ᠠᠴᠠ ᠢᠯᠡᠳᠳᠡ ᠦᠨᠳᠦᠷ ᠪᠠᠶᠢᠵᠤ᠂ ᠴᠡᠭᠡᠵᠢᠯᠡᠬᠦ | ᠴᠢᠳᠠᠪᠤᠷᠢ ᠨᠢ ᠴᠤ ᠨᠡᠩ ᠰᠠᠶᠢᠨ ᠪᠠᠶᠢᠪᠠ᠃ ᠰᠣᠳᠣᠯᠭᠠᠳᠠᠳ ᠤᠨ ᠢᠯᠡᠷᠬᠡᠶᠢᠯᠡᠭᠰᠡᠨ ᠢᠶᠠᠷ᠂ ᠪᠤᠯᠴᠢᠩ ᠤᠨ ᠴᠢᠳᠠᠯ ᠬᠡᠳᠦᠢ ᠶᠡᠭᠡ ᠪᠤᠯ ᠶᠡᠭᠡ ᠲᠠᠷᠢᠬᠢᠨ ᠳᠤ ᠲᠠᠳᠦᠢ | ᠲᠤᠰᠠᠳᠠᠢ᠃ ᠬᠡᠷᠪᠡ ᠨᠡᠩ ᠤᠯᠠᠨ ᠨᠠᠰᠤᠳᠠᠶᠢᠴᠣᠣᠯ ᠢᠶᠠᠷ ᠪᠤᠯᠴᠢᠩ ᠤᠨ ᠪᠤᠯᠪᠠᠰᠤᠷᠠᠯ ᠬᠢᠯᠭᠡᠪᠡᠯ ᠲᠡᠳᠡᠨ ᠤ ᠡᠷᠡᠭᠦᠯ ᠮᠡᠨᠳᠦ ᠳᠤ ᠨᠡᠩ ᠲᠤᠰᠠᠳᠠᠢ ᠪᠠᠶᠢᠵᠦ᠂ ᠨᠠᠰᠤᠨ | ᠬᠤᠳᠤᠭ ᠨᠢ ᠨᠡᠩ ᠣᠷᠳᠣ ᠪᠤᠯᠤᠨ᠎ᠠ᠃ ᠨᠠᠰᠣᠳᠠᠶᠢᠴᠣᠣᠯ ᠭᠠᠷᠠᠭ ᠲᠤ ᠨᠠᠭᠠᠳᠣ ᠵᠠᠬ᠎ᠠ ᠳᠠᠭᠠᠨ ᠬᠤᠶᠠᠷ ᠤᠳᠠᠭ᠎ᠠ ᠪᠤᠯᠴᠢᠩ ᠢᠶᠠᠨ ᠪᠤᠯᠪᠠᠰᠤᠷᠠᠭᠤᠯᠵᠤ᠂ ᠵᠤᠬᠢᠬᠤ | ᠬᠡᠪᠴᠢᠶᠡᠨ ᠳᠤ ᠪᠤᠯᠪᠠᠰᠤᠷᠠᠬᠤ ᠡᠷᠴᠢᠮ ᠢᠶᠠᠨ ᠨᠡᠯᠢᠶᠡᠳ ᠦᠨᠳᠦᠷ ᠲᠦᠪᠰᠢᠨ ᠳᠤ ᠪᠠᠶᠢᠯᠭᠠᠪᠠᠯ ᠤᠢ ᠪᠢᠯᠢᠭ ᠲᠤᠨᠢ ᠮᠠᠰᠢ ᠲᠤᠰᠠᠳᠠᠢ᠃ | |