ᠰᠤᠶᠢᠮᠠᠯ ᠲᠠᠷᠪᠤᠰ ᠢᠳᠡᠬᠦ ᠨᠢ  ᠠᠮᠢ ᠪᠠᠨ ᠠᠯᠳᠠᠬᠤ ᠠᠶᠤᠯ ᠲᠠᠢ ︕
ᠨᠡᠶᠢᠲᠡᠯᠡᠭᠰᠡᠨ ᠴᠠᠭ᠄
2022/9/30
      ᠣᠶᠢᠷ᠎ᠠ ᠳᠤ ᠬᠤᠪᠧᠶ  ᠮᠤᠵᠢ ᠶᠢᠨ  ᠦᠬᠠᠨ ᠤ  ᠯᠢᠦ  ᠤᠪᠤᠭᠳᠠᠢ  ᠨᠢᠭᠡᠨ  ᠠᠪᠤᠭᠠᠶ  ᠠᠭᠠᠭᠢᠮ᠎ᠠ  ᠬᠠᠯᠠᠭᠤᠨ  ᠳᠤ ᠬᠥᠯᠳᠡᠭᠡᠭᠦᠷ ᠲᠤ ᠪᠠᠶᠢᠭᠰᠠᠨ ᠴᠠᠷᠴᠠᠮᠠᠯ ᠲᠠᠷᠪᠤᠰ ᠢ ᠢᠳᠡᠭᠡᠳ ᠰᠠᠭᠤᠯᠭᠠᠵᠦ᠂ ᠴᠢᠨᠠᠭᠰᠢᠯᠠᠪᠠᠯ  ᠰᠢᠭᠡᠰᠦ  ᠬᠤᠷᠢᠬᠲᠠᠭᠠᠳ ᠭᠤᠷᠪᠠᠨ ᠡᠳᠦᠷ ᠪᠤᠯᠤᠭᠠᠳ ᠡᠮᠨᠡᠯᠭᠡ ᠳᠤ ᠬᠦᠷᠴᠦ  ᠡᠮᠨᠡᠭᠦᠯᠪᠡ᠃  ᠪᠠᠶᠢᠴᠠᠭᠠᠭᠰᠠᠨ ᠳ᠋ᠦᠩ  ᠳᠤ᠂  ᠯᠢᠦ  ᠠᠪᠤᠭᠠᠶ  ᠲᠦᠷᠭᠡᠨ  ᠴᠢᠨᠠᠷᠲᠠᠶ ᠰᠢᠭᠡᠰᠦᠨ ᠬᠤᠤᠷᠳᠠᠯᠭ᠎ᠠ ᠡᠭᠦᠰᠦᠭᠰᠡᠨ ᠢᠶᠠᠷ ᠣᠨᠣᠰᠢᠯᠠᠭᠳᠠᠪᠠ᠃ ᠡᠶᠢᠮᠦ ᠵᠢᠱᠢᠶ᠎ᠡ ᠠᠩᠬ᠎ᠠ ᠤᠳᠠᠭ᠎ᠠ  ᠭᠠᠷᠴᠤ  ᠪᠠᠶᠢᠭ᠎ᠠ  ᠪᠢᠰᠢ᠂ ᠬᠥᠯᠳᠡᠭᠡᠭᠦᠷ ᠲᠤ ᠬᠤᠨᠤᠭᠯᠠᠭᠰᠠᠨ ᠲᠠᠷᠪᠤᠰ ᠢ ᠢᠳᠡᠭᠰᠡᠨ ᠠᠴᠠ ᠪᠣᠯᠵᠣ ᠡᠯ᠎ᠡ ᠵᠦᠢᠯ ᠤᠨ ᠡᠪ ᠥᠬᠡᠶ ᠡᠪᠡᠳᠴᠢᠨ ᠤ ᠵᠢᠱᠢᠶ᠎ᠡ ᠵᠢᠯ ᠪᠦᠷᠢ ᠣᠯᠠᠨ ᠭᠠᠷᠴᠤ ᠪᠠᠶᠢᠨ᠎ᠠ᠃             ᠣᠯᠠᠩᠬᠢ ᠬᠥᠮᠦᠨ ᠤ ᠦᠵᠡᠬᠦ ᠪᠠᠷ᠂ ᠶᠠᠮᠠᠷ  ᠴᠤ  ᠶᠠᠭᠤᠮ᠎ᠠ ᠶᠢ  ᠬᠥᠯᠳᠡᠭᠡᠭᠦᠷ  ᠲᠤ  ᠲᠠᠯᠪᠢᠪᠠᠯ  ᠳᠠᠷᠤᠶ  ᠤᠳᠠᠭᠠᠨ‌ᠬᠠᠳᠠᠭᠠᠯᠠᠵᠤ ᠲᠠᠶᠢᠯᠤᠨ᠎ᠠ  ᠭᠡᠵᠦ  ᠦᠵᠡᠳᠡᠭ᠃  ᠦᠨᠡᠨ ᠳᠡᠭᠡᠨ  ᠲᠡᠶᠢᠮᠦ  ᠪᠢᠰᠢ᠂  ᠬᠥᠯᠳᠡᠭᠡᠭᠦᠷ ᠨᠢ  ᠣᠯᠠᠨ ᠤ  ᠪᠤᠳᠤᠳᠠᠭ ︽ᠠᠶᠤᠯᠭᠦᠶ ᠬᠠᠶᠢᠷᠴᠠᠭ︾ ᠪᠢᠰᠢ᠃ ᠪᠠᠺᠲ᠋ᠧᠷᠢ ᠨᠢ ᠬᠦᠢᠳᠡᠨ ᠳᠤ ᠳᠤᠷᠠᠲᠠᠶ  ᠪᠠᠺᠲ᠋ᠧᠷᠢ᠂  ᠬᠠᠯᠠᠭᠤᠨ ᠳᠤ  ᠳᠤᠷᠠᠲᠠᠶ  ᠪᠠᠺᠲ᠋ᠧᠷᠢ ᠭᠡᠵᠦ ᠣᠯᠠᠨ ᠵᠣᠶᠢᠯ ᠪᠠᠶᠢᠳᠠᠭ᠂ ᠬᠥᠯᠳᠡᠭᠡᠭᠦᠷ  ᠲᠤ ᠮᠠᠰᠢ ᠣᠯᠠᠨ ᠪᠠᠺᠲ᠋ᠧᠷᠢ  ᠣᠷᠣᠰᠢᠨ ᠲᠣᠭᠲᠠᠨᠢᠵᠤ ᠪᠣᠯᠤᠨ᠎ᠠ᠃ ᠲᠠᠷᠪᠤᠰ ᠢ ᠬᠥᠯᠳᠡᠭᠡᠭᠦᠷ ᠲᠤ ᠬᠢᠭᠰᠡᠨ ᠤ ᠳᠠᠷᠠᠭ᠎ᠠ ᠮᠥᠨ ᠯᠡ ᠪᠠᠺᠲ᠋ᠧᠷᠢ ᠡᠭᠦᠰᠭᠡᠵᠦ᠂ ᠳᠡᠭᠡᠷ᠎ᠡ ᠨᠢ ᠪᠠᠰᠠ ᠲᠠᠷᠪᠤᠰ ᠲᠤ ᠦᠵᠦᠮ ᠤᠨ ᠰᠢᠬᠢᠷ᠂ ᠵᠢᠮᠢᠰ ᠤᠨ ᠰᠢᠬᠢᠷ ᠵᠡᠷᠭᠡ ᠣᠯᠠᠨ ᠵᠣᠶᠢᠯ ᠤᠨ ᠰᠢᠮ᠎ᠡ  ᠲᠡᠵᠢᠭᠡᠯᠲᠦ  ᠪᠣᠳᠠᠰ  ᠡᠯᠪᠡᠭ  ᠠᠭᠤᠯᠤᠭᠳᠠᠵᠤ᠂ ᠪᠠᠺᠲ᠋ᠧᠷᠢ ᠶᠢᠨ ᠥᠰᠥᠯᠲᠡ ᠪᠤᠶᠢᠵᠢᠯᠲᠠ ᠳᠤ ᠲᠦᠭᠦᠬᠡᠶ ᠮᠠᠲ᠋ᠧᠷᠢᠶᠠᠯ ᠬᠠᠩᠭᠠᠳᠠᠭ᠂ ᠡᠲᠡᠭᠡᠷ ᠡᠪᠡᠳᠴᠢᠨ ᠡᠭᠦᠰᠭᠡᠬᠦ  ᠪᠠᠺᠲ᠋ᠧᠷᠢ ᠨᠢ ᠦᠷᠭᠦᠯᠵᠢ ᠬᠥᠮᠦᠨ ᠢ ᠢᠳᠡᠭᠡᠨ ᠳᠤ ᠬᠤᠤᠷᠳᠠᠭᠤᠯᠵᠤ᠂ ᠴᠢᠴᠠᠭ᠎ᠠ ᠠᠯᠳᠠᠭᠤᠯᠳᠠᠭ ᠪᠠᠶᠢᠨ᠎ᠠ᠃             ᠡᠭᠦᠨ ᠠᠴᠠ ᠭᠠᠳᠠᠨ᠎ᠠ᠂ ᠮᠠᠰᠢ ᠤᠯᠠᠨ ᠬᠥᠮᠦᠨ ᠡᠩ ᠤᠨ ᠦᠶ᠎ᠡ ᠳᠤ ᠡᠯ᠎ᠡ  ᠵᠦᠢᠯ ᠤᠨ  ᠢᠳᠡᠭᠡᠨ ᠤ  ᠮᠠᠲ᠋ᠧᠷᠢᠶᠠᠯ ᠢ ᠬᠠᠮᠲᠤ ᠳᠤᠨᠢ ᠬᠥᠯᠳᠡᠭᠡᠭᠦᠷ ᠲᠤ  ᠬᠠᠳᠠᠭᠠᠯᠠᠳᠠᠭ᠂  ᠵᠢᠱᠢᠶᠡᠯᠡᠪᠡᠯ  ᠲᠦᠭᠦᠬᠡᠶ  ᠮᠢᠬᠠᠨ ᠤ  ᠪᠦᠲᠦᠭᠡᠭᠳᠡᠬᠦᠨ᠂  ᠵᠢᠮᠢᠰ  ᠢᠳᠡᠰᠢᠨ‌ᠨᠣᠭᠤᠭ᠎ᠠ ᠵᠡᠷᠭᠡ ᠶᠢ ᠬᠥᠯᠳᠡᠭᠡᠭᠦᠷ ᠤᠨ ᠳᠣᠲᠣᠷ᠎ᠠ ᠬᠦᠢᠳᠡᠨ ᠢᠶᠠᠷ ᠬᠠᠳᠠᠭᠠᠯᠠᠬᠤ ᠳᠤ᠂ ᠳᠡᠳᠡᠭᠡᠷ ᠤᠨ ᠳᠤᠰ ᠪᠡᠶ᠎ᠡ ᠨᠢ ᠪᠦᠷ ᠡᠳᠦᠶ ᠲᠡᠳᠦᠶ ᠪᠠᠺᠲ᠋ᠧᠷᠢ ᠲᠠᠢ ᠪᠠᠶᠢᠲᠠᠭ ᠪᠦᠭᠡᠳ᠂ ᠬᠥᠯᠳᠡᠭᠡᠭᠦᠷ ᠤᠨ ᠳᠣᠲᠣᠷ᠎ᠠ ᠤᠲᠠᠭᠠᠨ ᠬᠠᠲᠠᠭᠠᠯᠠᠪᠠᠯ  ᠪᠠᠰᠠ  ᠶᠡᠭᠡ  ᠬᠡᠮᠵᠢᠶᠡᠨ ᠤ ᠪᠠᠺᠲ᠋ᠧᠷᠢ ᠦᠯᠡᠳᠡᠳᠡᠭ᠃             ᠡᠶᠢᠮᠦ ᠠᠴᠠ ᠬᠡᠷᠴᠢᠭᠰᠡᠨ ᠲᠠᠷᠪᠤᠰ ᠢᠶᠠᠨ ᠰᠢᠭᠤᠳ ᠬᠥᠯᠳᠡᠭᠡᠭᠦᠷ ᠲᠤ ᠬᠢᠪᠡᠯ ᠪᠠᠺᠲ᠋ᠧᠷᠢ ᠶᠢᠨ ᠦᠷᠡᠵᠢᠯᠲᠡ ᠳᠤ  ᠮᠠᠰᠢ‌ᠠᠰᠢᠭᠲᠠᠶ ᠪᠠᠶᠢᠳᠠᠭ᠂ ᠬᠡᠰᠡᠭ ᠬᠤᠭᠤᠴᠠᠭ᠎ᠠ ᠥᠩᠭᠡᠷᠡᠭᠰᠡᠨ ᠤ ᠳᠠᠷᠠᠭ᠎ᠠ᠂ ᠶᠡᠭᠡ ᠬᠡᠮᠵᠢᠶᠡᠨ ᠤ  ᠪᠠᠺᠲ᠋ᠧᠷᠢ   ᠲᠠᠢ  ︽ᠬᠤᠣᠷᠲᠠᠢ︾ ᠲᠠᠷᠪᠤᠰ ᠪᠣᠯᠵᠣ ᠬᠤᠪᠢᠷᠠᠨ᠎ᠠ᠃              ᠡᠩ ᠤᠨ ᠪᠠᠶᠢᠳᠠᠯ  ᠲᠤᠤᠷ᠎ᠠ᠂ ᠴᠠᠭ ᠨᠢ ᠬᠡᠲᠦᠷᠬᠡᠶ ᠣᠷᠳᠣ ᠪᠢᠰᠢ ᠯᠡ  ᠶᠤᠮ  ᠪᠣᠯ  ᠬᠥᠯᠳᠡᠭᠡᠭᠦᠷ ᠲᠤ  ᠬᠠᠳᠠᠭᠠᠯᠠᠵᠤ ᠪᠠᠶᠢᠭ᠎ᠠ ᠢᠳᠡᠭᠡᠨ ᠨᠢ ᠬᠠᠷᠢᠴᠠᠩᠭᠤᠶ  ᠠᠮᠤᠷ  ᠲᠦᠪᠰᠢᠨ  ᠪᠠᠶᠢᠳᠠᠭ᠃  ᠬᠡᠷ ᠲᠡᠭᠡᠨ  ᠬᠡᠷᠡᠭᠯᠡᠳᠡᠭ  ᠬᠥᠯᠳᠡᠭᠡᠭᠦᠷ ᠤᠨ  ᠬᠦᠢᠳᠡᠨ ᠳᠠᠪᠬᠤᠷᠭ᠎ᠠ ᠶᠢᠨ ᠬᠦᠢᠲᠡᠨ ᠤ ᠬᠡᠮᠵᠢᠶ᠎ᠡ ᠨᠢ ᠶᠡᠷᠦ ᠳᠡᠭᠡᠨ 2 -  4  ℃  ᠪᠠᠶᠢᠲᠠᠭ᠂  ᠬᠦᠢᠲᠡᠨ  ᠣᠷᠴᠢᠨ  ᠲᠣᠭᠤᠷᠢᠨ ᠢᠶᠠᠷ ᠳᠠᠮᠵᠢᠭᠤᠯᠤᠨ  ᠶᠡᠬᠡᠩᠬᠢ  ᠪᠠᠺᠲ᠋ᠧᠷᠢ ᠶᠢᠨ  ᠦᠷᠡᠵᠢᠬᠦ  ᠬᠤᠷᠳᠤᠴᠠ ᠶᠢ  ᠰᠠᠭᠠᠷᠠᠭᠤᠯᠵᠤ᠂  ᠢᠳᠡᠭᠡᠨ ᠤ  ᠴᠢᠨᠠᠷ ᠢ  ᠪᠠᠲᠤᠯᠠᠬᠤ ᠬᠤᠭᠤᠴᠠᠭ᠎ᠠ ᠶᠢ ᠤᠷᠲᠤᠳᠬᠠᠬᠤ ᠦᠢᠯᠡᠳᠤᠯ ᠦᠵᠡᠭᠦᠯᠳᠡᠭ᠃ ᠢᠳᠡᠭᠡᠨ ᠤ ᠠᠳᠠᠯᠢ ᠪᠤᠰᠤ ᠴᠢᠨᠠᠷ ᠢ ᠪᠠᠲᠤᠯᠠᠬᠤ ᠬᠤᠭᠤᠴᠠᠭ᠎ᠠ ᠨᠢ ᠠᠳᠠᠯᠢ ᠪᠤᠰᠤ ᠶᠢ ᠦᠨᠳᠦᠰᠦᠯᠡᠪᠡᠯ᠂  ᠡᠩ ᠤᠨ  ᠢᠳᠡᠭᠡᠨ ᠤ  ᠮᠠᠲ᠋ᠧᠷᠢᠶᠠᠯ ᠢ  ᠬᠦᠢᠲᠡᠨ ᠢᠶᠠᠷ  ᠬᠠᠳᠠᠭᠠᠯᠠᠬᠤ ᠨᠢ  15  ᠡᠳᠦᠷ ᠤᠷᠴᠢᠮ᠃             ᠲᠠᠷᠪᠤᠰ ᠢ ᠬᠦᠢᠲᠡᠨ ᠢᠶᠠᠷ ᠬᠠᠳᠠᠭᠠᠯᠠᠬᠤ ᠴᠠᠭ ᠢ ᠶᠡᠷᠦ ᠳᠡᠭᠡᠨ ᠬᠡᠲᠦᠷᠬᠡᠶ ᠣᠷᠳᠣ ᠪᠠᠶᠢᠯᠭᠠᠵᠤ ᠪᠣᠯᠬᠤ ᠥᠬᠡᠶ᠂ ᠬᠠᠮᠤᠭ‌‍ᠤᠨ ᠰᠠᠶᠢᠨ ᠨᠢ 12 ᠴᠠᠭ ᠠᠴᠠ ᠬᠡᠲᠦᠷᠡᠭᠦᠯᠵᠦ ᠪᠣᠯᠬᠤ ᠥᠬᠡᠶ᠂ ᠬᠠᠮᠤᠭ ᠤᠨ ᠣᠷᠳᠣ ᠳᠠᠭᠠᠨ 24 ᠴᠠᠭ ᠠᠴᠠ  ᠬᠡᠲᠦᠷᠡᠭᠦᠯᠵᠦ ᠪᠣᠯᠬᠤ ᠥᠬᠡᠶ᠃ ᠡᠭᠦᠨ ᠠᠴᠠ ᠭᠠᠳᠠᠨ᠎ᠠ᠂ ᠲᠠᠷᠪᠤᠰ ᠬᠡᠷᠴᠢᠬᠦ ᠳᠡᠭᠡᠨ ᠵᠠᠪᠠᠯ ᠤᠷᠢᠳ ᠢᠶᠠᠷ ᠲᠠᠷᠪᠤᠰ᠂ ᠬᠢᠲᠤᠭ᠎ᠠ ᠪᠠ ᠬᠠᠪᠲᠠᠰᠤ ᠶᠢ ᠤᠬᠢᠶᠠᠵᠤ ᠴᠡᠪᠡᠷᠯᠡᠬᠦ ᠬᠡᠷᠡᠭᠲᠡᠶ᠂ ᠬᠠᠮᠤᠭ ᠰᠠᠶᠢᠨ ᠨᠢ ᠬᠠᠭᠠᠯᠠᠭᠰᠠᠨ ᠲᠤᠤᠷ᠎ᠠ ᠨᠢ ᠢᠳᠡᠨ᠎ᠡ᠃             ᠬᠠᠯᠢᠰᠤ ᠶᠢ ᠨᠢ ᠱᠠᠭᠠᠯᠠᠭᠰᠠᠨ ᠪᠤᠶᠤ ᠬᠡᠷᠴᠢᠭᠰᠡᠨ ᠵᠢᠮᠢᠰ ᠢ ᠰᠣᠷᠭᠤᠭ ᠪᠠᠶᠢᠯᠭᠠᠬᠤ ᠪᠦᠷᠬᠦᠭᠦᠯ ᠢᠶᠠᠷ ᠴᠢᠩᠭ᠎ᠠ  ᠪᠣᠭᠤᠬᠤ ᠪᠤᠶᠤ  ᠰᠣᠷᠭᠤᠭ  ᠪᠠᠶᠢᠯᠭᠠᠬᠤ  ᠤᠭᠤᠲᠠᠨ ᠳᠤ  ᠬᠢᠵᠦ᠂  ᠠᠯᠢ  ᠲᠦᠷᠭᠡᠨ ᠢᠶᠠᠷ  ᠬᠥᠯᠳᠡᠭᠡᠭᠦᠷ ᠲᠤ  ᠬᠢᠵᠦ  ᠬᠠᠳᠠᠭᠠᠯᠠᠨ᠎ᠠ᠃ ᠬᠥᠯᠳᠡᠭᠡᠭᠦᠷ ᠢ ᠠᠳᠠᠯᠢ ᠪᠤᠰᠤ ᠭᠠᠵᠠᠷ ᠣᠷᠣᠨ ᠬᠤᠪᠢᠶᠠᠵᠤ᠂ ᠵᠢᠮᠢᠰ ᠢ ᠮᠢᠬ᠎ᠠ᠂ ᠵᠢᠭᠦᠷᠲᠡᠨ᠂ ᠵᠢᠭᠠᠰᠤ᠂  ᠳᠠᠯᠠᠶ ᠶᠢᠨ  ᠭᠠᠷᠤᠯᠲᠠ‌ᠵᠡᠷᠭᠡ ᠢᠳᠡᠭᠡᠨ ᠤ ᠵᠦᠢᠯ ᠲᠠᠢ ᠲᠤᠰᠠᠭᠠᠷᠯᠠᠵᠤ ᠲᠠᠯᠪᠢᠬᠤ ᠬᠡᠷᠡᠭᠲᠡᠶ᠃ 
ᠢᠷᠡᠯᠲᠡ᠄ ᠠᠷᠠᠳ ᠤᠨ ᠰᠦᠯᠵᠢᠶ᠎ᠡ