ᠡᠳᠡᠭᠡᠷ ᠢᠳᠡᠭᠡᠨ ᠢ ᠥᠯᠥᠨ ᠢᠶᠠᠷ ᠢᠳᠡᠵᠦ ᠪᠣᠯᠬᠤ ᠦᠭᠡᠢ
ᠨᠡᠶᠢᠲᠡᠯᠡᠭᠰᠡᠨ ᠴᠠᠭ᠄
2022/9/30
     ᠡᠳᠤᠷ ᠲᠤᠲᠤᠮ ᠤᠨ ᠠᠮᠢᠳᠤᠷᠠᠯ ᠳᠤᠮᠳᠠ  ᠪᠢᠳᠡ  ᠮᠠᠰᠢ  ᠣᠯᠠᠨ  ︽ᠥᠯᠥᠨ︾ ᠴᠡᠭᠡᠷ ᠢ  ᠣᠯᠵᠤ  ᠰᠣᠨᠣᠰᠳᠠᠭ᠃ ᠥᠯᠥᠨ ᠢᠶᠠᠷ ᠥᠳᠬᠡᠨ  ᠴᠠᠶ  ᠶᠡᠭᠡ  ᠤᠤᠭᠤᠬᠤ  ᠪᠤᠶᠤ  ᠺᠣᠹᠧ ᠬᠡᠲᠦᠷᠬᠡᠶ  ᠠᠷᠪᠢᠨ  ᠤᠤᠭᠤᠪᠠᠯ᠂  ᠵᠢᠷᠦᠬᠡᠨ ᠴᠣᠬᠢᠯᠭ᠎ᠠ ᠲᠦᠷᠭᠡᠰᠴᠦ᠂ ᠴᠡᠭᠡᠵᠢ ᠪᠠᠭᠲᠠᠷᠠᠬᠤ᠂ ᠵᠢᠷᠦᠬᠡ ᠲᠦᠭᠰᠢᠬᠦ ᠵᠡᠷᠭᠡ ᠡᠪ ᠥᠬᠡᠶ ᠪᠠᠶᠢᠳᠠᠯ ᠢ ᠪᠣᠶ ᠪᠣᠯᠭᠠᠵᠤ ᠮᠡᠳᠡᠨ᠎ᠡ︔ ᠥᠯᠥᠨ ᠢᠶᠠᠷ ᠠᠷᠢᠬᠢ ᠤᠤᠭᠤᠪᠠᠯ ᠠᠮᠠᠷᠬᠠᠨ ᠴᠢᠰᠤᠨ ᠰᠢᠬᠢᠷ ᠳᠣᠣᠷ᠎ᠠ ᠪᠣᠯᠵᠤ᠂ ᠲᠣᠯᠣᠭᠠᠢ ᠡᠷᠭᠢᠬᠦ᠂ ᠬᠦᠢᠲᠡᠨ ᠬᠥᠯᠥᠰᠥ ᠭᠠᠷᠬᠤ  ᠵᠡᠷᠭᠡ  ᠡᠪ ᠦᠭᠡᠢ ᠰᠢᠨᠵᠢ ᠲᠡᠮᠳᠡᠭ ᠢᠯᠡᠷᠡᠨ᠎ᠡ᠃              ᠥᠯᠥᠨ ᠢᠶᠠᠷ ᠰᠠᠷᠢᠮᠰᠠᠭ ᠪᠠ  ᠬᠦᠢᠲᠡᠨ  ᠢᠳᠡᠭᠡᠨ  ᠢᠳᠡᠬᠦ  ᠦᠬᠡᠢ  ᠪᠣᠯ  ᠰᠠᠶᠢᠨ᠃  ᠲᠡᠷᠡ  ᠨᠢ  ᠬᠤᠳᠣᠭᠤᠳᠣ ᠭᠡᠳᠡᠰᠦᠨ ᠳᠤ ᠰᠡᠳᠦᠯᠲᠡ ᠥᠭᠴᠦ᠂ ᠤᠳᠠᠭᠠᠨ ᠳᠠᠭᠠᠨ ᠬᠤᠳᠣᠭᠤᠳᠣ ᠭᠡᠳᠡᠰᠦᠨ ᠤ ᠡᠪᠡᠳᠴᠢᠨ ᠢ ᠡᠭᠦᠰᠭᠡᠳᠡᠭ᠃  ᠬᠤᠳᠣᠭᠤᠳᠣ ᠭᠡᠨᠡᠳᠲᠡ ᠬᠦᠢᠲᠡᠨ ᠪᠣᠯᠬᠤ ᠨᠢ ᠵᠢᠷᠦᠬᠡᠨ ᠳᠤ ᠰᠡᠳᠦᠯᠲᠡ ᠥᠭᠴᠦ ᠮᠡᠳᠡᠨ᠎ᠡ᠃ ᠡᠶᠢᠮᠦ ᠠᠴᠠ  ᠬᠦᠢᠲᠡᠨ  ᠤᠮᠳᠠᠭᠠᠨ ᠢ  ᠬᠠᠮᠤᠭ‌‍ᠰᠠᠶᠢᠨ ᠨᠢ ᠬᠤᠶᠠᠷ ᠬᠤᠭᠤᠯᠠᠨ ᠤ ᠳᠤᠮᠳᠠ ᠤᠤᠭᠤᠨ᠎ᠠ᠂ ᠥᠯᠥᠨ ᠦᠶ᠎ᠡ ᠳᠤ᠂ ᠴᠠᠳᠲᠠᠯ᠎ᠠ ᠢᠳᠡᠭᠰᠡᠨ ᠤ  ᠳᠠᠷᠠᠭ᠎ᠠ  ᠪᠠ  ᠶᠡᠭᠡ ᠬᠥᠯᠥᠰᠥ ᠭᠠᠷᠬᠤ ᠦᠶ᠎ᠡ ᠳᠤ ᠪᠦᠷ ᠤᠤᠭᠤᠵᠤ ᠪᠣᠯᠬᠤ ᠦᠭᠡᠢ᠃            ᠥᠯᠥᠨ ᠢᠶᠠᠷ ᠲᠥᠪᠡᠳ ᠬᠠᠰᠢ ᠢᠳᠡᠵᠦ ᠪᠣᠯᠤᠨ᠎ᠠ᠃ ᠲᠦᠬᠦᠬᠡᠢ ᠲᠥᠪᠡᠳ ᠬᠠᠰᠢ ᠢᠳᠡᠬᠦ ᠦᠭᠡᠢ  ᠪᠣᠶᠣ  ᠡᠰᠡᠬᠦᠯ᠎ᠡ ᠨᠢᠭᠡ ᠯᠡ ᠳᠡᠭᠡᠷ᠎ᠡ ᠠᠷᠪᠢᠨ ᠢᠳᠡᠬᠦ ᠦᠬᠡᠢ ᠪᠣᠯ ᠵᠣᠪᠠᠭ᠋ᠤ ᠬᠡᠷᠡᠭ ᠦᠭᠡᠢ᠃ ᠭᠡᠪᠡᠴᠦ  ᠬᠤᠳᠣᠭᠤᠳᠣ  ᠭᠡᠳᠡᠰᠦᠨ ᠤ  ᠠᠵᠢᠯᠯᠠᠭ᠎ᠠ ᠮᠠᠭᠤ ᠵᠠᠷᠢᠮ ᠬᠥᠮᠦᠰ᠂ ᠵᠢᠱᠢᠶᠡᠯᠡᠪᠡᠯ ᠥᠲᠡᠯᠦᠭᠡ ᠬᠥᠮᠦᠰ ᠥᠯᠥᠨ ᠢᠶᠠᠷ  ᠲᠥᠪᠡᠳ  ᠬᠠᠰᠢ  ᠶᠢ  ᠠᠷᠪᠢᠨ  ᠢᠳᠡᠵᠦ  ᠪᠣᠯᠬᠤ ᠥᠬᠡᠶ᠃            ᠶᠡᠭᠡ ᠦᠯᠦᠰᠦᠭᠡᠳ ᠬᠤᠭᠤᠯᠠ ᠢᠳᠡᠬᠦ ᠳᠤ ᠪᠠᠰᠠ ᠡᠮᠦᠨ᠎ᠡ  ᠬᠤᠶᠢᠨ᠎ᠠ  ᠳᠡᠰ  ᠳᠠᠷᠠᠭ᠎ᠠ ᠲᠠᠢ  ᠪᠠᠶᠢᠪᠠᠯ  ᠵᠤᠬᠢᠨ᠎ᠠ᠃ ᠤᠷᠢᠳ ᠢᠶᠠᠷ ᠨᠣᠭᠤᠭ᠎ᠠ ᠵᠠᠭᠤᠰᠢ  ᠢᠳᠡᠵᠦ᠂  ᠳᠠᠷᠠᠭ᠎ᠠ ᠨᠢ  ᠮᠢᠬ᠎ᠠ  ᠵᠡᠷᠭᠡ  ᠤᠭᠤᠷᠠᠭ  ᠲᠠᠢ  ᠵᠥᠢᠯᠡᠰ  ᠢᠳᠡᠨ᠎ᠡ᠃  ᠬᠡᠷᠪᠡ ᠡᠬᠢᠯᠡᠩᠭᠦᠳᠡ ᠮᠠᠰᠢ ᠣᠯᠠᠨ ᠲᠤᠲᠤᠷᠭᠠᠨ ᠭᠤᠯᠢᠷ ᠤᠨ ᠴᠠᠷᠳᠠᠭᠤᠯ ᠤᠨ  ᠲᠥᠷᠥᠯ ᠤᠨ  ᠢᠳᠡᠭᠡᠨ ᠢ  ᠢᠳᠡᠪᠡᠯ  ᠪᠠᠰᠠ  ᠠᠮᠠᠷᠬᠠᠨ ᠴᠢᠰᠤᠨ ᠰᠢᠬᠢᠷ ᠢ ᠲᠦᠷᠭᠡᠨ ᠳᠡᠭᠡᠭᠰᠢᠯᠡᠭᠦᠯᠵᠦ᠂ ᠪᠡᠶ᠎ᠡ ᠶᠢᠨ ᠳᠣᠲᠣᠭᠠᠳᠤ ᠶᠢᠨ ᠨᠦᠢᠷ ᠤᠨ ᠠᠷᠠᠯ  ᠳᠤ ᠰᠡᠳᠦᠯᠲᠡ ᠥᠭᠭᠦᠨ᠎ᠡ᠃ ᠬᠠᠮᠤᠭ ᠰᠡᠭᠦᠯ ᠳᠤ ᠵᠢᠮᠢᠰ ᠢᠳᠡᠪᠡᠯ ᠵᠤᠬᠢᠨ᠎ᠠ᠂ ᠤᠴᠢᠷ ᠨᠢ  ᠵᠢᠮᠢᠰ ᠤᠨ  ᠰᠢᠬᠢᠷᠯᠢᠭ ᠤᠨ  ᠬᠡᠮᠵᠢᠶ᠎ᠡ  ᠶᠡᠭᠡ  ᠮᠥᠷᠲᠡᠭᠡᠨ ᠪᠦᠷ ᠠᠮᠠᠷᠬᠠᠨ ᠰᠢᠩᠭᠡᠭᠡᠳᠡᠭ᠂ ᠬᠡᠷᠪᠡ ᠥᠯᠥᠨ ᠢᠶᠠᠷ ᠢᠳᠡᠪᠡᠯ ᠴᠢᠰᠤᠨ ᠰᠢᠬᠢᠷ ᠢ  ᠪᠠᠰᠠ  ᠠᠮᠠᠷᠬᠠᠨ  ᠨᠡᠮᠡᠭᠳᠡᠭᠦᠯᠦᠨ᠎ᠡ᠃  ᠰᠢᠬᠢᠷᠯᠢᠭ ᠢᠳᠡᠭᠡᠨ ᠠᠴᠠ ᠬᠠᠮᠤᠭ ᠰᠠᠶᠢᠨ ᠨᠢ ᠬᠤᠯᠠᠬᠠᠨ ᠪᠤᠢ᠂ ᠬᠡᠷᠪᠡ ᠢᠳᠡᠶ᠎ᠡ ᠭᠡᠪᠡᠯ ᠬᠤᠭᠤᠯᠠᠨ ᠤ ᠲᠠᠷᠠᠭ᠎ᠠ ᠢᠳᠡᠭᠡᠷᠡᠢ᠃ 
ᠢᠷᠡᠯᠲᠡ᠄ ᠠᠷᠠᠳ ᠤᠨ ᠰᠦᠯᠵᠢᠶ᠎ᠡ