ᠮᠠᠰᠢ ᠣᠯᠠᠨ ᠬᠥᠮᠦᠨ ᠤ ᠦᠵᠡᠬᠦ ᠪᠠᠷ᠂ ᠴᠢᠰᠤᠨ ᠤ ᠬᠡᠯᠪᠡᠷᠢ ᠶᠢ ᠭᠤᠤᠯᠳᠠᠭᠤ A ᠬᠡᠯᠪᠡᠷᠢ᠂ B ᠬᠡᠯᠪᠡᠷᠢ᠂ ABᠬᠡᠯᠪᠡᠷᠢ᠂ O ᠬᠡᠯᠪᠡᠷᠢ ᠭᠡᠵᠦ 4 | ᠲᠥᠷᠥᠯ ᠳᠤ ᠬᠤᠪᠢᠶᠠᠨ᠎ᠠ᠃ ᠡᠭᠦᠨ ᠳᠤ AB ᠬᠡᠯᠪᠡᠷᠢ ᠶᠢᠨ ᠬᠥᠮᠦᠨ ᠶᠠᠮᠠᠷ ᠴᠤ ᠬᠡᠯᠪᠡᠷᠢ ᠶᠢᠨ ᠴᠢᠰᠤ ᠶᠡᠭᠦᠯᠡᠬᠦ ᠶᠢ ᠬᠦᠯᠢᠶᠡᠨ ᠠᠪᠴᠤ ᠪᠣᠯᠤᠨ᠎ᠠ᠂ ᠬᠠᠷᠢᠨ | O ᠬᠡᠯᠪᠡᠷᠢ ᠶᠢᠨ ᠴᠢᠰᠤ ᠨᠢ ᠶᠠᠮᠠᠷ ᠴᠤ ᠬᠥᠮᠦᠨ ᠳᠤ ᠶᠡᠭᠦᠯᠡᠨ ᠥᠭᠴᠦ ᠪᠣᠯᠤᠨ᠎ᠠ ᠭᠡᠳᠡᠭ᠃ ᠭᠡᠪᠡᠴᠦ ᠡᠶᠢᠮᠦ ᠪᠤᠳᠤᠯ ᠪᠣᠯ ᠨᠡᠯᠢᠶᠡᠳ ᠥᠷᠥᠭᠡᠰᠦᠭᠡᠯ ᠶᠤᠮ᠃ | | ᠬᠡᠪ ᠤᠨ ᠪᠠᠶᠢᠳᠠᠯ ᠳᠣᠣᠷ᠎ᠠ᠂ A ᠬᠡᠯᠪᠡᠷᠢ ᠶᠢᠨ ᠴᠢᠰᠤ ᠲᠠᠢ ᠬᠥᠮᠦᠨ ᠳᠤ A ᠬᠡᠯᠪᠡᠷᠢ ᠶᠢᠨ ᠴᠢᠰᠤ ᠶᠡᠭᠦᠯᠡᠨ᠎ᠡ᠂ Bᠬᠡᠯᠪᠡᠷᠢ ᠶᠢᠨ ᠴᠢᠰᠤ ᠲᠠᠢ ᠬᠥᠮᠦᠨ ᠳᠤ B | ᠬᠡᠯᠪᠡᠷᠢ ᠶᠢᠨ ᠴᠢᠰᠤ ᠶᠡᠭᠦᠯᠡᠨ᠎ᠡ᠃ ᠬᠡᠷᠪᠡ ᠪᠤᠰᠤᠳ ᠲᠥᠷᠥᠯ ᠤᠨ ᠴᠢᠰᠤ ᠶᠢ ᠶᠡᠭᠦᠯᠡᠪᠡᠯ ᠴᠢᠰᠤᠨ ᠳᠤ ᠤᠷᠪᠠᠯ ᠡᠭᠦᠰᠦᠨ᠎ᠡ᠃ ᠶᠠᠮᠠᠷ ᠴᠢᠰᠤᠨ ᠬᠡᠯᠪᠡᠷᠢ | ᠪᠣᠯᠤᠭᠰᠠᠨ ᠴᠤ ᠪᠦᠷ ᠴᠢᠰᠤ ᠶᠡᠭᠦᠯᠡᠬᠦ ᠠᠴᠠ ᠡᠮᠦᠨ᠎ᠡ ABO ᠪᠠ Rh ᠴᠢᠰᠤᠨ ᠬᠡᠯᠪᠡᠷᠢ ᠶᠢ ᠰᠣᠯᠪᠢᠴᠠᠨ ᠰᠢᠯᠭᠠᠯᠲᠠ ᠬᠢᠨ᠎ᠡ᠂ ᠬᠡᠷᠪᠡ ᠴᠢᠰᠤᠨ ᠬᠡᠯᠪᠡᠷᠢ ᠶᠢ | ᠪᠤᠷᠤᠭᠤ ᠶᠡᠭᠦᠯᠡᠪᠡᠯ᠂ ᠳᠠᠭᠠᠷᠠᠳᠠᠰᠤ ᠬᠦᠷᠬᠦ᠂ ᠶᠡᠭᠡ ᠬᠠᠯᠠᠭᠤᠷᠠᠬᠤ᠂ ᠳᠤᠷ᠎ᠠ ᠪᠤᠯᠭᠢᠬᠤ᠂ ᠪᠥᠭᠡᠯᠵᠢᠬᠦ ᠵᠡᠷᠭᠡ ᠴᠢᠰᠤ ᠶᠡᠭᠦᠯᠡᠭᠰᠡᠨ ᠲᠤᠰᠬᠠᠯ ᠭᠠᠷᠴᠤ᠂ ᠬᠦᠨᠳᠦ ᠨᠢ | ᠦᠬᠦᠬᠦ ᠠᠶᠤᠯᠲᠠᠢ ᠪᠠᠶᠢᠳᠠᠭ᠃ | ᠡᠳᠦᠷ ᠲᠤᠲᠤᠮ ᠤᠨ ᠠᠮᠢᠳᠤᠷᠠᠯ ᠳᠤᠮᠳᠠ᠂ ᠬᠥᠮᠦᠰ ᠤᠨ ᠬᠡᠯᠡᠳᠡᠭ ︽ᠲᠡᠭᠦᠰ ᠴᠢᠳᠠᠪᠤᠷᠢᠲᠤ ᠴᠢᠰᠤ︾ ᠭᠡᠳᠡᠭ ᠨᠢ Oᠬᠡᠯᠪᠡᠷᠢ ᠶᠢᠨ ᠴᠢᠰᠤ ᠶᠢ ᠵᠢᠭᠠᠵᠤ ᠪᠠᠶᠢᠨ᠎ᠠ᠃ | O ᠬᠡᠯᠪᠡᠷᠢ ᠶᠢᠨ ᠴᠢᠰᠤ ᠶᠢ ︽ᠲᠡᠭᠦᠰ ᠴᠢᠳᠠᠪᠤᠷᠢᠲᠤ ᠴᠢᠰᠤ︾ ᠭᠡᠵᠦ ᠦᠵᠡᠵᠦ ᠪᠠᠶᠢᠬᠤ ᠶᠢᠨ ᠤᠴᠢᠷ ᠨᠢ᠂ O ᠬᠡᠯᠪᠡᠷᠢ ᠶᠢᠨ ᠴᠢᠰᠤᠨ ᠤ ᠤᠯᠠᠭᠠᠨ ᠡᠰ ᠳᠡᠭᠡᠷ᠎ᠡ | A᠂ B ᠡᠰᠡᠷᠬᠦ ᠲᠦᠷᠦᠭᠴᠢ ᠪᠠᠶᠢᠬᠤ ᠦᠭᠡᠢ᠂ O ᠬᠡᠯᠪᠡᠷᠢ ᠶᠢᠨ ᠴᠢᠰᠤᠨ ᠤ ᠤᠯᠠᠭᠠᠨ ᠡᠰ ᠢ A᠂ B᠂ AB ᠬᠡᠯᠪᠡᠷᠢ ᠶᠢᠨ ᠡᠪᠡᠳᠴᠢᠲᠡᠨ ᠳᠤ ᠶᠡᠭᠦᠯᠡᠨ | ᠥᠭᠬᠦ ᠶᠢ ᠲᠦᠷ ᠴᠠᠭ ᠤᠨ ᠪᠠᠴᠢᠮ ᠠᠪᠤᠷᠠᠯᠲᠠ ᠳᠤ ᠯᠡ ᠬᠡᠷᠡᠭᠯᠡᠵᠦ ᠪᠣᠯᠤᠨ᠎ᠠ᠃ ᠡᠭᠦᠨ ᠠᠴᠠ ᠪᠣᠯᠵᠦ ᠡᠮᠴᠢᠯᠡᠭᠡᠨ ᠳᠡᠭᠡᠷ᠎ᠡ ᠦᠷᠭᠦᠯᠵᠢ O ᠬᠡᠯᠪᠡᠷᠢ ᠶᠢᠨ ᠴᠢᠰᠤᠨ ᠤ | ︽ᠤᠯᠠᠭᠠᠨ ᠡᠰ ᠢ ᠤᠬᠢᠶᠠᠬᠤ︾ ᠪᠠᠷ A᠂ B᠂ AB ᠬᠡᠯᠪᠡᠷᠢ ᠶᠢᠨ ᠡᠪᠡᠳᠴᠢᠲᠡᠨ ᠳᠤ ᠴᠢᠰᠤ ᠶᠡᠭᠦᠯᠡᠳᠡᠭ᠃ ᠭᠡᠲᠡᠯ᠎ᠡ ᠡᠶᠢᠮᠦ ᠦᠵᠡᠯᠲᠡ ᠪᠣᠯ ᠲᠤᠩ ᠪᠤᠷᠤᠭᠤ ᠶᠤᠮ᠂ | ︽ᠲᠡᠭᠦᠰ ᠴᠢᠳᠠᠯᠲᠤ ᠴᠢᠰᠤ︾ ᠭᠡᠳᠡᠭ ᠨᠢ ᠦᠨᠡᠨ ᠳᠡᠭᠡᠨ︽ᠲᠡᠭᠦᠰ ᠴᠢᠳᠠᠯᠲᠤ︾ ᠪᠢᠰᠢ ᠮᠥᠷᠲᠡᠭᠡᠨ ᠲᠤᠩ ᠠᠶᠤᠯᠲᠠᠢ ᠶᠤᠮ᠃ O ᠬᠡᠯᠪᠡᠷᠢ ᠶᠢᠨ ᠴᠢᠰᠤᠨ ᠡᠭᠡᠳᠡᠩ ᠳᠤ | A᠂ B ᠶᠢᠨ ᠡᠰᠡᠷᠬᠦ ᠪᠡᠶ᠎ᠡ ᠠᠭᠤᠯᠤᠭᠳᠠᠨ᠎ᠠ᠂ O ᠬᠡᠯᠪᠡᠷᠢ ᠶᠢᠨ ᠴᠢᠰᠤᠨ ᠡᠭᠡᠳᠡᠩ ᠢ A᠂ B᠂ AB ᠬᠡᠯᠪᠡᠷᠢ ᠶᠢᠨ ᠡᠪᠡᠳᠴᠢᠲᠡᠨ ᠤ ᠪᠡᠶ᠎ᠡ ᠳᠤ ᠶᠡᠭᠦᠯᠡᠪᠡᠯ᠂ | ᠲᠡᠷᠡ ᠳᠠᠷᠤᠶ ᠡᠭᠡᠳᠡᠬᠦ ᠤᠷᠪᠠᠯ ᠡᠭᠦᠰᠴᠦ᠂ ᠴᠢᠰᠤ ᠬᠦᠷᠲᠡᠭᠰᠡᠳ ᠤᠨ ᠤᠯᠠᠭᠠᠨ ᠡᠰ ᠬᠦᠨᠳᠦ ᠨᠣᠴᠢᠲᠠᠶ ᠡᠪᠳᠡᠯᠡᠭᠡ ᠳᠤ ᠤᠴᠠᠷᠠᠵᠤ ᠴᠢᠰᠤ ᠬᠠᠶᠢᠯᠬᠤ ᠪᠣᠯᠤᠨ᠎ᠠ᠃ | ᠡᠶᠢᠮᠦ ᠠᠴᠠ O ᠬᠡᠯᠪᠡᠷᠢ ᠶᠢᠨ ᠴᠢᠰᠤᠨ ᠡᠭᠡᠳᠡᠩ ᠢ ᠪᠤᠰᠤᠳ ᠴᠢᠰᠤᠨ ᠬᠡᠯᠪᠡᠷᠢ ᠶᠢᠨ ᠴᠢᠰᠤ ᠬᠦᠯᠢᠶᠡᠭᠴᠢ ᠳᠤ ᠶᠡᠭᠦᠯᠡᠨ ᠥᠭᠬᠦ ᠶᠢ ᠬᠤᠷᠢᠭᠯᠠᠪᠠᠯ ᠵᠤᠬᠢᠨ᠎ᠠ᠃ | | |