100 g ᠬᠠᠷ᠎ᠠ ᠪᠤᠷᠴᠠᠭ ᠲᠤ ᠪᠠᠷᠤᠭ 220 mg ᠺᠠᠯᠼ ᠠᠭᠤᠯᠤᠭᠳᠠᠵᠤ ᠪᠠᠶᠢᠳᠠᠭ᠃ ᠬᠡᠳᠦ᠋ᠢᠪᠡᠷ ᠺᠠᠯᠼ ᠤᠨ ᠠᠭᠤᠯᠤᠭᠳᠠᠴᠠ ᠳᠣᠣᠷ᠎ᠠ ᠪᠢᠰᠢ | ᠪᠣᠯᠪᠠᠴᠤ ᠬᠠᠷ᠎ᠠ ᠪᠤᠷᠴᠠᠭ ᠵᠡᠷᠭᠡ ᠪᠤᠷᠴᠠᠭ ᠤᠨ ᠲᠦᠷᠥᠯ ᠳᠤ ᠨᠡᠯᠢᠶᠡᠳ ᠠᠷᠪᠢᠨ ᠤᠷᠭᠤᠮᠠᠯ ᠤᠨ ᠬᠦᠴᠢᠯ ᠠᠭᠤᠯᠤᠭᠳᠠᠵᠤ᠂ ᠺᠠᠯᠼ ᠲᠠᠢ ᠠᠮᠠᠷᠬᠠᠨ ᠨᠡᠶᠢᠯᠡᠵᠦ | ᠬᠥᠮᠦᠨ ᠤ ᠪᠡᠶ᠎ᠡ ᠳᠤ ᠬᠢᠯᠪᠠᠷ ᠰᠢᠩᠭᠡᠭᠡᠭᠳᠡᠬᠦ ᠦᠭᠡᠢ ᠤᠷᠭᠤᠮᠠᠯ ᠤᠨ ᠬᠦᠴᠢᠯ ᠤᠨ ᠺᠠᠯᠼ ᠪᠣᠯᠳᠠᠭ᠃ | ᠪᠤᠷᠴᠠᠭ ᠤᠨ ᠵᠤᠲᠠᠩ ᠪᠣᠯᠣᠨ᠎ᠠ ᠤᠤ︖ ᠭᠡᠵᠦ ᠵᠠᠷᠢᠮ ᠬᠥᠮᠦᠨ ᠠᠰᠠᠭᠤᠵᠤ ᠮᠡᠳᠡᠨ᠎ᠡ᠃ ᠪᠣᠯᠬᠤ ᠥᠬᠡᠶ︕100 g ᠪᠤᠷᠴᠠᠭ ᠤᠨ ᠵᠤᠲᠠᠩ ᠳᠤ | ᠵᠥᠪᠬᠡᠨ 10 mg ᠣᠷᠴᠢᠮ ᠺᠠᠯᠼ ᠠᠭᠤᠯᠵᠤ᠂ ᠪᠤᠷᠴᠠᠭ ᠤᠨ ᠵᠤᠲᠠᠩ ᠳᠤ ᠨᠡᠯᠢᠶᠡᠳ ᠠᠷᠪᠢᠨ ᠤᠰᠤ ᠠᠭᠤᠯᠵᠤ ᠪᠠᠶᠢᠬᠤ ᠮᠥᠷᠲᠡᠭᠡᠨ ᠬᠢᠬᠦ ᠶᠠᠪᠤᠴᠠ ᠳᠠᠭᠠᠨ | ᠵᠤᠭᠠᠩ᠂ ᠬᠠᠯᠤᠬᠧᠨ ᠵᠡᠷᠭᠡ ᠺᠠᠯᠼ ᠤᠨ ᠠᠭᠤᠯᠤᠭᠳᠠᠴᠠ ᠨᠡᠯᠢᠶᠡᠳ ᠥᠨᠳᠥᠷ ᠪᠣᠳᠠᠰ ᠢ ᠨᠡᠮᠡᠳᠡᠭ ᠦᠭᠡᠢ᠂ ᠡᠶᠢᠮᠦ ᠠᠴᠠ ᠲᠡᠭᠦᠨ ᠤ ᠠᠭᠤᠯᠵᠤ ᠪᠠᠶᠢᠭ᠎ᠠ | ᠺᠠᠯᠼ ᠤᠨ ᠠᠭᠤᠯᠤᠭᠳᠠᠴᠠ ᠲᠦᠢᠯ ᠤᠨ ᠪᠠᠭ᠎ᠠ ᠪᠠᠶᠢᠳᠠᠭ᠃ ᠪᠤᠷᠴᠠᠭ ᠢ ᠬᠠᠭᠤᠷᠴᠤ ᠪᠤᠷᠴᠠᠭ ᠤᠨ ᠤᠭᠤᠷᠠᠭ ᠪᠣᠯᠭᠠᠪᠠᠯ᠂ ᠨᠠᠩ ᠠᠷᠪᠢᠨ ᠺᠠᠯᠼ ᠨᠢ | ᠪᠤᠷᠴᠠᠭ ᠤᠨ ᠰᠢᠭᠠᠷᠤ ᠳᠣᠲᠣᠷ᠎ᠠ ᠦᠯᠡᠳᠡᠨ᠎ᠡ᠃ ᠡᠶᠢᠮᠦ ᠠᠴᠠ᠂ ᠬᠠᠷ᠎ᠠ ᠪᠤᠷᠴᠠᠭ ᠢᠳᠡᠬᠦ᠂ ᠪᠤᠷᠴᠠᠭ ᠤᠨ ᠵᠤᠲᠠᠩ ᠤᠤᠭᠤᠵᠤ ᠺᠠᠯᠼ ᠨᠥᠬᠦᠪᠥᠷᠢᠯᠡᠬᠦ ᠠᠷᠭ᠎ᠠ | ᠮᠠᠶ᠋ᠢᠭ ᠢ ᠴᠤ ᠰᠠᠨᠠᠭᠠᠴᠢᠯᠠᠬᠤ ᠥᠬᠡᠶ᠃ | ᠦᠨᠢᠶᠡᠨ ᠰᠦ᠄ ᠨᠠᠰᠤᠨ ᠳᠤ ᠭᠦᠷᠦᠭᠰᠡᠳ ᠡᠳᠦᠷ ᠪᠦᠷᠢ 300 g ᠰᠦ ᠪᠤᠶᠤ ᠴᠠᠭᠠᠨ ᠢᠳᠡᠭᠡ ᠤᠤᠭᠤᠵᠦ ᠢᠳᠡᠬᠦ ᠶᠢ ᠰᠠᠨᠠᠭᠤᠯᠤᠶ᠎ᠠ᠃ | ᠪᠤᠷᠴᠠᠭ ᠤᠨ ᠢᠳᠡᠭᠡᠨ᠄ ᠳ᠋ᠧᠦᠹᠦ᠋ ᠶᠢᠨ ᠲᠦᠷᠣᠯ ᠪᠣᠯ ᠺᠠᠯᠼ ᠤᠨ ᠠᠭᠤᠯᠤᠭᠳᠠᠴᠠ ᠨᠡᠯᠢᠶᠡᠳ ᠥᠨᠳᠥᠷ ᠪᠤᠷᠴᠠᠭ ᠤᠨᠲ᠋ᠦ᠋ᠷᠣᠯ ᠵᠣᠶᠢᠯ ᠪᠣᠯᠣᠨ᠎ᠠ᠃ | ᠨᠣᠭᠤᠭᠠᠨ ᠨᠠᠪᠴᠢᠲᠤ ᠢᠳᠡᠰᠢᠨ ᠨᠣᠭᠤᠭ᠎ᠠ᠄ ᠡᠳᠦᠷ ᠪᠦᠷᠢ 300 g ᠠᠴᠠ 500 g ᠢᠳᠡᠨ᠎ᠡ᠃ ᠨᠣᠭᠤᠭᠠᠬᠠᠭᠤᠷᠬᠤ ᠠᠴᠠ ᠡᠮᠦᠨ᠎ᠡ ᠢᠳᠡᠰᠢᠨ | ᠨᠣᠭᠤᠭ᠎ᠠ ᠶᠢ ᠤᠰᠤᠨ ᠳᠤ ᠰᠢᠯᠵᠠᠯᠠᠵᠤ᠂ ᠡᠪᠡᠰᠦᠨ ᠬᠦᠴᠢᠯ᠂ ᠤᠷᠭᠤᠮᠠᠯ ᠤᠨ ᠬᠦᠴᠢᠯ ᠵᠡᠷᠭᠡ ᠪᠣᠳᠠᠰ ᠤᠨ ᠺᠠᠯᠼ ᠰᠢᠩᠭᠡᠭᠡᠬᠦ ᠨᠣᠷᠮ᠎ᠠ ᠶᠢ ᠨᠥᠯᠥᠭᠡᠯᠡᠬᠦ ᠠᠴᠠ | ᠵᠠᠶᠢᠯᠠᠰᠬᠢᠬᠦ ᠶᠢ ᠰᠠᠨᠠᠭᠤᠯᠤᠶ᠎ᠠ᠃ | ᠭᠡᠷ ᠤᠨ ᠭᠠᠳᠠᠨ᠎ᠠ ᠵᠣᠬᠢᠰᠲᠠᠶ ᠬᠥᠳᠡᠯᠭᠡᠭᠡᠨ ᠬᠢᠵᠦ᠂ ᠸᠢᠲ᠋ᠠᠮᠢᠨ D ᠨᠥᠬᠦᠪᠥᠷᠢᠯᠡᠨ᠎ᠡ᠃ ᠭᠠᠳᠠᠭᠰᠢ ᠭᠠᠷᠴᠤᠬᠥ᠋ᠳᠡᠯᠭᠡᠭᠡᠨ ᠬᠢᠵᠤ᠂ ᠨᠡᠷᠡᠨ ᠳᠤ | ᠵᠣᠬᠢᠰᠲᠠᠶ ᠡᠭᠡᠭᠡᠵᠦ᠂ ᠠᠷᠠᠰᠤᠨ ᠳᠤ ᠸᠢᠲ᠋ᠠᠮᠢᠨ D ᠰᠢᠩᠭᠡᠭᠡᠨ᠎ᠡ᠂ ᠭᠡᠬᠦ ᠳᠡᠭᠡᠨ ᠨᠡᠷᠡᠨ ᠳᠤ ᠡᠭᠡᠭᠡᠬᠦ ᠴᠠᠭ ᠪᠠ ᠬᠦᠴᠦᠯᠡᠴᠡ ᠶᠢ ᠠᠩᠬᠠᠷᠴᠤ᠂ ᠠᠷᠠᠰᠤ ᠶᠢ | ᠭᠡᠮᠲᠦᠭᠡᠬᠦ ᠠᠴᠠ ᠰᠡᠷᠭᠡᠶᠢᠯᠡᠬᠦ ᠬᠡᠷᠡᠭᠲᠡᠶ᠃ ᠬᠡᠷᠪᠡ ᠨᠡᠷᠡᠨ ᠤ ᠭᠡᠷᠡᠯ ᠪᠠᠭᠤᠷᠠᠢ ᠪᠤᠶᠤ ᠬᠡᠳᠦ ᠬᠦᠷᠡᠩ ᠰᠠᠴᠤᠷᠠᠭ ᠠᠴᠠ ᠠᠶᠤᠵᠤ ᠪᠠᠶᠢᠪᠠᠯ᠂ ᠪᠠᠰᠠ ᠸᠢᠲ᠋ᠠᠮᠢᠨ D | ᠨᠥᠬᠦᠪᠥᠷᠢ ᠡᠮ ᠤᠤᠭᠤᠵᠤ ᠪᠣᠯᠤᠨ᠎ᠠ᠂ ᠡᠳᠦᠷ ᠪᠦᠷᠢ 400 ᠨᠢᠭᠡᠴᠢ ᠠᠴᠠ ᠬᠡᠳᠦᠷᠡᠭᠦᠯᠵᠦ ᠪᠣᠯᠬᠤ ᠦᠭᠡᠢ᠃ | ᠶᠠᠰᠤᠨ ᠱᠦᠯᠤ ᠺᠠᠯᠼ ᠨᠥᠬᠦᠪᠥᠷᠢᠯᠡᠬᠦ ᠨᠢ ᠨᠠᠶᠢᠳᠠᠪᠤᠷᠢ ᠦᠭᠡᠢ᠂ ᠰᠠᠮ ᠬᠤᠷᠣᠬᠠᠢ ᠶᠢᠨ ᠬᠠᠯᠢᠰᠤ ᠢᠳᠡᠵᠦ ᠺᠠᠯᠼ ᠨᠥᠬᠦᠪᠥᠷᠢᠯᠡᠬᠦ ᠨᠢ ᠴᠤ ᠰᠢᠨᠵᠢᠯᠡᠬᠦ | ᠤᠬᠠᠭᠠᠨᠴᠢ ᠪᠢᠰᠢ᠂ ᠺᠠᠯᠼ ᠶᠡᠬᠡᠲᠡᠢ ᠰᠦ ᠪᠠᠷ ᠺᠠᠯᠼ ᠨᠥᠬᠦᠪᠥᠷᠢᠯᠡᠬᠦ ᠴᠦ ᠪᠣᠯᠤᠮᠵᠢ ᠦᠭᠡᠢᠪᠠᠶᠢᠵᠤ ᠮᠡᠳᠡᠨ᠎ᠡ᠂ ᠣᠯᠠᠨ ᠢᠶᠠᠷ ᠢᠶᠠᠨ ᠰᠢᠨᠵᠢᠯᠡᠬᠦ ᠤᠬᠠᠭᠠᠨᠴᠢ ᠪᠠᠷ ᠺᠠᠯᠼ | ᠨᠥᠬᠦᠪᠥᠷᠢᠯᠡᠭᠡᠷᠡᠢ︕ | | |