ᠠᠩᠬᠠᠷ︕ ᠡᠶᠢᠮᠦ App ᠪᠠᠷ ᠵᠣᠭᠤᠰ ᠮᠡᠬᠡᠯᠡᠵᠦ ᠪᠠᠶᠢᠨ᠎ᠠ
ᠨᠡᠶᠢᠲᠡᠯᠡᠭᠰᠡᠨ ᠴᠠᠭ᠄
2022/9/29
     ᠣᠶᠢᠷ᠎ᠡ ᠳᠤ ᠨᠢᠬᠡ App ᠳᠡᠭᠡᠷ᠎ᠡ ︽29.9 ᠲᠥᠭᠦᠷᠢᠭ ᠴᠡᠨᠡᠭᠯᠡᠪᠡᠯ 100 ᠲᠥᠭᠦᠷᠢᠭ ᠤᠨ ᠭᠠᠷ  ᠤᠲᠠᠰᠤᠨ ᠤ ᠰᠦᠢᠳᠬᠡᠯ ᠥᠭᠭᠦᠨ᠎ᠡ︾ ᠬᠡᠬᠦ ᠵᠠᠷ ᠰᠣᠷᠳᠠᠯᠴᠢᠯᠠᠭ᠎ᠠ ᠬᠢᠵᠦ᠂ ︽ᠦᠨ᠎ᠡ ᠦᠭᠡᠢ  ᠶᠠᠭᠤᠮᠠᠨ  ᠳᠤ  ᠨᠤᠭᠤᠰᠤ  ᠦᠭᠡᠢ︾  ᠵᠠᠷᠢᠮ ᠬᠡᠷᠡᠭᠯᠡᠭᠴᠢ ᠮᠡᠬᠡᠯᠡᠭᠴᠢ ᠶᠢᠨ ᠤᠷᠠᠬᠠᠨ  ᠳᠤ  ᠤᠨᠠᠬᠤ  ᠰᠢᠬᠠᠭᠰᠠᠨ  ᠪᠠᠶᠢᠨ᠎ᠠ᠃  ᠣᠶᠢᠯᠠᠭᠠᠭᠰᠠᠨ  ᠢᠶᠠᠷ᠂  ᠡᠨᠡ  APP ᠶᠢ ᠠᠰᠢᠬᠯᠠᠬᠤ ᠬᠡᠪᠡᠯ ᠤᠷᠢᠳᠠᠪᠠᠷ ᠭᠠᠷ ᠤᠲᠠᠰᠤᠨ ᠳᠠᠭᠠᠨ 2000 ᠲᠥᠭᠦᠷᠢᠭ ᠤᠨ ᠰᠦᠢᠳᠬᠡᠯ ᠴᠡᠨᠡᠭᠯᠡᠬᠦ ᠪᠤᠶᠤ ᠡᠰᠡᠬᠦᠯ᠎ᠡ  20 ᠰᠠᠷ᠎ᠠ ᠶᠢᠨ ᠬᠡᠰᠢᠬᠦᠨ ᠢᠶᠠᠷ ᠪᠦᠷᠢᠳᠬᠡᠬᠦᠯᠪᠡᠯ ᠰᠠᠶ᠋ᠢ ᠪᠤᠯᠬᠤ ᠶᠤᠮ ᠪᠠᠶᠢᠨ᠎ᠠ᠃                                    ᠬᠠᠤᠯᠢᠴᠢ ᠶᠢᠨ ᠬᠡᠯᠡᠬᠦ ᠪᠠᠷ᠂ ᠡᠶᠢᠮᠦᠷᠬᠦ ᠵᠠᠷ ᠰᠣᠷᠳᠠᠯᠴᠢᠯᠠᠭ᠎ᠠ ᠨᠢ  ᠬᠤᠳᠠᠯ  ᠬᠠᠭᠤᠷᠮᠠᠭ  ᠵᠠᠷ  ᠰᠤᠷᠲᠠᠯᠴᠢᠯᠠᠭ᠎ᠠ  ᠳᠤ ᠳᠣᠭᠠᠴᠠᠭᠳᠠᠬᠤ ᠪᠤᠯᠬᠤᠷ ᠬᠠᠮᠢᠶᠠᠳᠠᠢ ᠰᠠᠯᠠᠭ᠎ᠠ ᠮᠥᠴᠢᠷ ᠠᠴᠠ ᠰᠢᠢᠳᠬᠡᠯ ᠣᠯᠭᠤᠬᠤ ᠬᠡᠷᠡᠭᠳᠡᠢ ᠭᠡᠵᠡᠢ᠃                 ᠪᠡᠭᠡᠵᠢᠩ ᠤᠨ ᠶᠦᠠ ᠵᠢᠶᠠ ᠬᠠᠤᠯᠢᠴᠢ ᠶᠢᠨ ᠬᠡᠷᠡᠭ ᠡᠷᠬᠢᠯᠡᠬᠦ ᠭᠠᠵᠠᠷ ᠤᠨ ᠬᠠᠤᠯᠢᠴᠢ ᠵᠤᠤ ᠵᠠᠠ ᠯᠢᠩ ᠬᠡᠯᠡᠬᠦ  ᠳᠡᠭᠡᠨ᠂ 29.9 ᠲᠥᠭᠦᠷᠢᠭ ᠢᠶᠠᠷ 100 ᠲᠥᠭᠦᠷᠢᠭ ᠤᠨ ᠤᠲᠠᠰᠤᠨ ᠤ ᠵᠠᠷᠣᠳᠠᠯ ᠰᠣᠯᠢᠬᠤ  ᠨᠢ  ᠪᠣᠳᠠᠲᠤ  ᠪᠠᠶᠢᠳᠠᠯ  ᠲᠠᠢ  ᠨᠡᠶᠢᠴᠡᠬᠦ ᠦᠭᠡᠢ᠂ ᠡᠨᠡ ᠨᠢ ᠴᠢᠨᠠᠭᠰᠢᠯᠠᠪᠠᠯ ᠬᠡᠷᠡᠭᠯᠡᠭᠴᠢᠳ ᠢ ᠮᠡᠬᠡᠯᠡᠬᠦ ᠤᠷᠠᠬ᠎ᠠ ᠪᠠᠶᠢᠵᠦ ᠮᠡᠳᠡᠨ᠎ᠡ ᠭᠡᠵᠡᠢ᠃
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ