Apple Inc ᠦᠨ᠎ᠡ ᠦᠰᠬᠡᠬᠦ ᠪᠠᠷ ᠵᠠᠷᠯᠠᠪᠠ ︕ 28 ᠤᠯᠤᠰ ᠪᠠ ᠭᠠᠵᠠᠷ ᠣᠷᠣᠨ ᠳᠤ ᠬᠤᠯᠪᠣᠭᠳᠠᠨ᠎ᠠ︕
ᠨᠡᠶᠢᠲᠡᠯᠡᠭᠰᠡᠨ ᠴᠠᠭ᠄
2022/9/29
      ᠠᠮᠧᠷᠢᠺᠠ ᠶᠢᠨ Apple Inc  ︵ᠠᠯᠮᠤᠷᠠᠳ  ᠺᠣᠮᠫᠠᠨᠢ︶ ᠶᠢᠨ  ᠣᠶᠢᠷ᠎ᠠ ᠳᠤ  ᠨᠡᠶᠢᠲᠡᠯᠡᠭᠰᠡᠨ  ᠠᠯᠪᠠᠨ  ᠵᠠᠷ ᠲᠤ᠋‌ᠢᠯᠡᠷᠡᠭᠦᠯᠦᠭᠰᠡᠨ ᠢᠶᠠᠷ᠂ 10 ᠰᠠᠷ᠎ᠠ ᠶᠢᠨ 5 ᠤ ᠡᠳᠦᠷ ᠠᠴᠠ ᠡᠬᠢᠯᠡᠨ᠂  ᠪᠥᠬᠦ  ᠳᠡᠯᠡᠬᠡᠶ ᠶᠢᠨ  ᠣᠯᠠᠨ  ᠤᠯᠤᠰ  ᠪᠠ  ᠭᠠᠵᠠᠷ‌ᠣᠷᠣᠨ ᠤ Apple ᠤᠨ ᠬᠡᠷᠡᠭᠯᠡᠭᠡᠨ ᠤ ᠳᠡᠯᠭᠡᠭᠦᠷ ᠤᠨ ᠵᠥᠭᠡᠯᠡᠨ ᠲᠣᠨᠤᠭ ᠵᠢᠴᠢ  ᠵᠥᠭᠡᠯᠡᠨ  ᠲᠣᠨᠤᠭ  ᠬᠤᠳᠠᠯᠳᠤᠨ  ᠠᠪᠬᠤ‌‍ᠲ᠋ᠥ᠋ᠷᠥᠯ ᠵᠣᠶᠢᠯ ᠤᠨ ᠦᠨ᠎ᠡ ᠶᠢ ᠥᠰᠬᠡᠬᠦ ᠪᠣᠯᠤᠨ᠎ᠠ᠃ ᠡᠨᠡ ᠤᠳᠠᠭᠠᠨ ᠤ ᠦᠨ᠎ᠡ ᠥᠰᠦᠭᠰᠡᠨ ᠤ ᠰᠢᠯᠲᠠᠭᠠᠨ ᠨᠢ ᠶᠠᠭᠤ ᠪᠣᠶ︖             Apple ᠤᠨ ᠦᠨ᠎ᠡ ᠥᠰᠦᠭᠰᠡᠨ ᠨᠢ ᠧᠦ᠋ᠷᠣᠫᠠ ᠲᠢᠪ ᠠᠴᠠ ᠠᠽᠢᠶ᠎ᠠ ᠲᠢᠪ ᠬᠦᠷᠲᠡᠯᠡᠬᠢ ᠪᠦᠬᠦ ᠪᠥᠮᠪᠥᠷᠴᠡᠭ ᠤᠨ28 ᠤᠯᠤᠰ ᠪᠠ ᠭᠠᠵᠠᠷ ᠣᠷᠣᠨ ᠳᠤ ᠬᠤᠯᠪᠣᠭᠳᠠᠵᠤ᠂  ᠧᠦ᠋ᠷᠣᠫᠠ  ᠵᠣᠭᠤᠰ ᠢ  ᠬᠡᠷᠡᠭᠯᠡᠭᠰᠡᠨ  ᠤᠯᠤᠰ  ᠵᠢᠴᠢ  ᠰᠸᠧᠳᠧᠨ᠂ᠶᠠᠫᠣᠨ᠂ ᠺᠣᠷᠢᠶᠠ᠂ ᠴᠢᠯᠢ᠂ ᠶᠧᠵᠢᠫᠲ᠂ ᠮᠠᠯᠠᠶᠢᠰᠢᠶ᠎ᠠ ᠵᠡᠷᠭᠡ ᠶᠢ  ᠪᠠᠭᠲᠠᠭᠠᠨ᠎ᠠ᠃  ᠥᠭᠡᠷ᠎ᠡ ᠪᠠᠷ  ᠬᠡᠯᠡᠪᠡᠯ᠂  ᠡᠲᠡᠭᠡᠷ  ᠭᠠᠵᠠᠷ‌ᠣᠷᠣᠨ ᠤ ᠬᠡᠷᠡᠭᠯᠡᠭᠴᠢᠳ᠂ ᠠᠯᠮᠤᠷᠠᠳ ᠭᠠᠷ ᠤᠲᠠᠰᠤᠨ ᠤ ᠬᠡᠷᠡᠭᠯᠡᠭᠡᠨ ᠤ ᠳᠡᠯᠭᠡᠭᠦᠷ ᠠᠴᠠ  ᠰᠣᠶᠢᠳᠬᠡᠯ  ᠲᠤᠰᠢᠶᠠᠬᠤ  ᠵᠥᠭᠡᠯᠡᠨ‌‍ᠲ᠋ᠣᠨᠤᠭ ᠬᠤᠳᠠᠯᠳᠤᠨ  ᠠᠪᠬᠤ  ᠪᠤᠶᠤ  ᠵᠠᠬᠢᠶᠠᠯᠠᠨ  ᠤᠩᠰᠢᠭᠤᠯᠬᠤ  ᠦᠨ᠎ᠡ ᠨᠢ  ᠤᠤᠯ ᠤᠨ ᠬᠢ ᠠᠴᠠ ᠪᠠᠨ  ᠨᠠᠩ  ᠥᠨᠳᠥᠷ ᠪᠠᠶᠢᠳᠠᠭ᠃              ᠰᠢᠯᠵᠢᠮᠡᠯ ᠬᠡᠷᠡᠭᠯᠡᠭᠡᠨ ᠤ ᠲᠤᠭ᠎ᠠ ᠪᠠᠷᠢᠮᠲᠠ ᠶᠢ ᠦᠨᠳᠦᠰᠦᠯᠡᠨ ᠬᠤᠳᠠᠯᠳᠤᠭᠠᠨ ᠤ Apptopia ᠶᠢᠨ  ᠨᠡᠶᠢᠲᠡᠯᠡᠭᠰᠡᠨ‌ᠮᠡᠳᠡᠭᠦᠯᠦᠯᠲᠡ ᠶᠢ ᠦᠨᠳᠦᠰᠦᠯᠡᠪᠡᠯ᠂ ᠦᠨᠡᠨ ᠳᠡᠭᠡᠨ ᠨᠢᠳᠤᠨᠤᠨ ᠤ  7  ᠰᠠᠷ᠎ᠠ ᠠᠴᠠ  ᠡᠬᠢᠯᠡᠨ  ᠠᠯᠮᠤᠷᠠᠳ ᠤᠨ  ᠬᠡᠷᠡᠭᠯᠡᠭᠡᠨ ‍ᠤ‌‍ᠲ᠋ᠡᠯᠭᠡᠭᠦᠷ ᠪᠠᠭ᠎ᠠ ᠪᠤᠰᠤ ᠦᠨ᠎ᠡ ᠥᠰᠴᠡᠶ᠃ 2022 ᠣᠨ ᠤ 7 ᠰᠠᠷ᠎ᠠ ᠪᠣᠯᠲᠠᠯ᠎ᠠ᠂ ᠠᠯᠮᠤᠷᠠᠳ ᠤᠨ ᠬᠡᠷᠡᠭᠯᠡᠭᠡᠨ ᠤ ᠳᠣᠲᠣᠷᠠᠬᠢ‌ᠬᠤᠳᠠᠯᠳᠤᠨ ᠠᠪᠬᠤ ᠳᠤᠮᠳᠠᠴᠢ ᠦᠨ᠎ᠡ ᠨᠢᠳᠤᠨᠤᠨ ᠤ ᠬᠢ ᠠᠴᠠ ᠪᠠᠷᠤᠭ 40 % ᠪᠠᠷ ᠥᠰᠴᠡᠶ᠂ ᠠᠳᠠᠯᠢ  ᠬᠤᠭᠤᠴᠠᠭᠠᠨ ᠳᠤ᠂  Google ᠳᠡᠯᠭᠡᠭᠦᠷ ᠤᠨ ᠬᠡᠷᠡᠭᠯᠡᠭᠡᠨ ᠤ ᠳᠣᠲᠣᠷᠠᠬᠢ ᠬᠤᠳᠠᠯᠳᠤᠨ ᠠᠪᠬᠤ ᠦᠨ᠎ᠡ ᠵᠥᠪᠬᠡᠨ 9 % ᠪᠠᠷ ᠥᠰᠴᠡᠶ᠃             ᠡᠨᠡ ᠤᠳᠠᠭᠠᠨ ᠤ ᠦᠨ᠎ᠡ ᠥᠰᠦᠭᠰᠡᠨ ᠰᠢᠯᠲᠠᠭᠠᠨ ᠤ ᠲᠤᠬᠠᠶ᠂  Apple  ᠠᠯᠪᠠᠨ ᠤ  ᠲᠠᠯ᠎ᠠ ᠶᠢᠨ ᠬᠢᠨ  ᠨᠠᠷᠢᠨ ᠲᠠᠶᠢᠯᠪᠤᠷᠢᠯᠠᠯᠲᠠ ᠬᠢᠭᠰᠡᠨ ᠦᠭᠡᠶ᠂ ᠭᠡᠪᠡᠴᠦ ᠴᠥᠭᠡᠨ ᠪᠤᠰᠤ ᠵᠠᠳᠠᠯᠤᠭᠴᠢ ᠶᠢᠨ ᠦᠵᠡᠬᠦ ᠪᠠᠷ᠂ ᠭᠤᠣᠯᠳᠠᠭᠤ ᠬᠤᠶᠠᠷ  ᠲᠠᠯ᠎ᠠ ᠵᠢᠨ‌‍ᠰᠢᠯᠲᠠᠭᠠᠨ ᠲᠠᠢ᠂ ᠨᠢᠭᠡ ᠳᠤ᠂  ᠳ᠋ᠣᠯᠯᠠᠷ  ᠶᠡᠭᠡ ᠪᠠᠷ  ᠥᠰᠴᠦ᠂  Apple ᠤᠨ  ᠦᠨ᠎ᠡ  ᠥᠰᠦᠭᠰᠡᠨ ᠢᠶᠠᠷ  ᠲᠤᠬᠠᠶ ᠶᠢᠨ ᠭᠠᠵᠠᠷ ᠤᠨ ᠵᠣᠭᠤᠰ ᠪᠣᠯᠤᠨ ᠳ᠋ᠣᠯᠯᠠᠷ ᠤᠨ ᠬᠤᠭᠤᠷᠣᠨᠳᠣᠬᠢ ᠲᠠᠮᠢᠷᠳᠠᠯ ᠢ ᠦᠭᠡᠶᠢᠰᠬᠡᠵᠦ ᠪᠠᠶᠢᠨ᠎ᠠ︔ ᠬᠤᠶᠠᠷ ᠲᠤ Apple ᠤᠨ ᠡᠵᠡᠩᠨᠡᠯᠲᠡ ᠶᠢᠨ ᠪᠦᠲᠦᠴᠡ ᠨᠢ ᠬᠠᠲᠠᠭᠤ ᠲᠣᠨᠤᠭ ᠠᠴᠠ ᠵᠥᠭᠡᠯᠡᠨ ᠲᠣᠨᠤᠭ ᠵᠦᠭ  ᠰᠢᠯᠵᠢᠵᠦ  ᠪᠠᠢᠨ᠎ᠠ᠃  ᠭᠤᠪᠢᠭᠤᠯᠭ᠎ᠠ ᠶᠢᠨ ᠨᠣᠷᠮ᠎ᠠ ᠶᠢᠨ ᠲᠠᠯ᠎ᠠ ᠪᠠᠷ᠂ ᠡᠨᠡ ᠵᠢᠯ ᠠᠴᠠ ᠨᠠᠰᠢ᠂ ᠠᠮᠧᠷᠢᠺᠠ ᠶᠢᠨ ᠬᠤᠯᠪᠣᠭᠠᠨ ᠤ ᠬᠠᠳᠠᠭᠠᠯᠠᠮᠵᠢ ᠶᠢᠨ ᠲᠠᠰᠤᠷᠠᠯᠲᠠ ᠥᠬᠡᠶ ᠬᠦᠦ ᠮᠥᠩᠭᠦ ᠨᠡᠮᠡᠬᠦ ᠶᠢ ᠳᠠᠭᠠᠯᠳᠤᠨ᠂ ᠳ᠋ᠣᠯᠯᠠᠷ ᠤᠨ ᠵᠢᠭᠠᠯᠲᠠ  ᠲᠤᠭ᠎ᠠ  ᠵᠢᠯ ᠤᠨ  ᠡᠬᠢᠨ ᠤ ᠬᠢ ᠠᠴᠠ ᠪᠠᠨ  ᠨᠡᠶᠢᠲᠡ  18  % ᠶᠢ ᠳᠠᠪᠠᠵᠤ᠂ ᠣᠶᠢᠷ᠎ᠠ ᠶᠢᠨ 20 ᠵᠢᠯ ᠤᠨ ᠲᠤᠷᠰᠢᠬᠢ ᠥᠨᠳᠥᠷ ᠬᠡᠮᠵᠢᠶᠡᠨ ᠳᠤ  ᠬᠦᠷᠴᠠᠢ᠃ ᠡᠭᠦᠨ ᠤ ᠬᠠᠮᠲᠤ  Apple  Inc ᠶᠢᠨ ᠣᠷᠣᠯᠭ᠎ᠠ ᠶᠢᠨ ᠬᠠᠭᠠᠰ ᠢᠯᠡᠭᠦᠦ ᠨᠢ ᠠᠮᠧᠷᠢᠺᠠ ᠲᠢᠪ ᠠᠴᠠ ᠭᠠᠳᠠᠨᠠᠬᠢ ᠵᠠᠬ᠎ᠠ ᠳᠡᠯᠭᠡᠭᠦᠷ ᠪᠠᠶᠢᠵᠤ᠂  ᠡᠨᠡ ᠨᠢ  ᠬᠦᠴᠦᠷᠬᠡᠭ ᠳ᠋ᠣᠯᠯᠠᠷ ᠤᠨApple ᠲᠤ ᠦᠵᠡᠭᠦᠯᠬᠦ ᠠᠰᠢᠭ ᠬᠤᠣᠷ ᠨᠢ ᠠᠰᠢᠭ ᠲᠤᠰᠠ ᠠᠴᠠ ᠶᠡᠭᠡ ᠪᠠᠶᠢᠬᠤ ᠶᠢ  ᠬᠠᠷᠠᠭᠤᠯᠵᠤ  ᠪᠠᠶᠢᠨ᠎ᠠ᠃ ᠡᠨᠡ ᠤᠳᠠᠭᠠᠨ ᠤ ᠦᠨ᠎ᠡ ᠥᠰᠦᠭᠰᠡᠨ ᠤᠯᠤᠰ ᠪᠠ ᠭᠠᠵᠠᠷ ᠣᠷᠣᠨ ᠪᠠᠷᠤᠭ  ᠪᠦᠷ  ᠲᠣᠰ  ᠭᠠᠵᠠᠷ ᠤᠨ  ᠵᠣᠭᠤᠰ  ᠶᠡᠭᠡ ᠪᠠᠷ‌‍ᠪᠠᠭᠤᠷᠠᠭᠰᠠᠨ ᠭᠠᠵᠠᠷ ᠣᠷᠣᠨ᠂ ᠵᠢᠱᠢᠶᠡᠯᠡᠪᠡᠯ ᠧᠦ᠋ᠷᠣᠫᠠ ᠵᠣᠭᠤᠰ ᠪᠠ ᠶᠠᠫᠣᠨ ᠵᠣᠭᠤᠰ᠃              ᠣᠶᠢᠷ᠎ᠠ ᠳᠤ᠂ ᠧᠦ᠋ᠷᠣᠫᠠ ᠵᠣᠭᠤᠰ ᠤᠨ ᠳ᠋ᠣᠯᠯᠠᠷ ᠤᠨ ᠭᠤᠪᠢᠭᠤᠯᠭ᠎ᠠ ᠶᠢᠨ ᠨᠣᠷᠮ᠎ᠠ ᠦᠷᠭᠦᠯᠵᠢᠯᠡᠨ ᠪᠠᠭᠤᠷᠠᠵᠤ᠂  20ᠵᠢᠯ ᠤᠨ ᠬᠠᠮᠤᠭ ᠤᠨ ᠳᠤᠤᠷ᠎ᠠ  ᠬᠡᠮᠵᠢᠶᠡᠨ ᠳᠤ  ᠬᠦᠷᠴᠡᠶ᠃  ᠦᠨ᠎ᠡ  ᠥᠰᠬᠦ ᠪᠠᠷ  ᠳᠠᠮᠵᠢᠨ᠂  Apple  Inc  ᠪᠠᠰᠠ ᠭᠤᠪᠢᠭᠤᠯᠭ᠎ᠠ ᠶᠢᠨ ᠨᠣᠷᠮ᠎ᠠ ᠶᠢᠨ ᠬᠤᠪᠢᠷᠠᠯᠲᠠ ᠶᠢᠨ ᠳᠠᠷᠤᠯᠲᠠ ᠶᠢ ᠬᠡᠷᠡᠭᠯᠡᠭᠴᠢ ᠳᠤ  ᠰᠢᠯᠵᠢᠭᠦᠯᠪᠡ᠃  ᠵᠠᠷᠢᠮ  ᠵᠠᠳᠠᠯᠤᠯᠲᠠ ᠶᠢᠨ ᠦᠵᠡᠬᠦ ᠪᠠᠷ᠂ ᠦᠨ᠎ᠡ ᠥᠰᠬᠦ ᠨᠢ ᠬᠡᠷᠡᠭᠯᠡᠭᠡᠨ ᠤ ᠫᠷᠤᠭ᠍ᠷᠠᠮ ᠢ ᠨᠡᠭᠡᠭᠡᠨ ᠬᠥᠭᠵᠢᠭᠦᠯᠬᠦ  ᠬᠤᠳᠠᠯᠳᠤᠭᠠᠴᠢᠨ  ᠪᠠ  ᠲᠣᠭᠯᠠᠭᠠᠮ ‍ᠤᠨ‌ᠨᠡᠭᠡᠭᠡᠨ ᠬᠥᠭᠵᠢᠭᠦᠯᠬᠦ ᠬᠤᠳᠠᠯᠳᠤᠭᠠᠴᠢᠨ ᠢ ᠨᠥᠯᠥᠭᠡᠯᠡᠬᠦ ᠨᠢ ᠯᠠᠪᠲᠠᠶ᠃ 
ᠢᠷᠡᠯᠲᠡ᠄ ᠠᠷᠠᠳ ᠤᠨ ᠰᠦᠯᠵᠢᠶ᠎ᠡ