ᠰᠦ ᠶᠢᠨ ᠳᠦᠷᠦᠯ᠂ ᠪᠤᠷᠴᠠᠭ ᠤᠨ ᠳᠦᠷᠦᠯ ᠵᠢᠴᠢ ᠳᠡᠭᠦᠨ ᠤ ᠪᠦᠳᠦᠭᠡᠭᠳᠡᠭᠦᠨ ᠢ ᠦᠷᠭᠦᠯᠵᠢ ᠢᠳᠡᠭᠡᠷᠠᠢ
ᠨᠡᠶᠢᠲᠡᠯᠡᠭᠰᠡᠨ ᠴᠠᠭ᠄
2022/9/27
      ᠰᠦ ᠶᠢᠨ ᠳᠦᠷᠦᠯ ᠪᠤᠯ ᠰᠢᠮ᠎ᠡ ᠳᠡᠵᠢᠭᠡᠯ ᠤᠨ ᠪᠦᠷᠢᠯᠳᠦᠭᠦᠨ ᠪᠦᠷᠢᠨ᠂ ᠪᠦᠷᠢᠯᠳᠦᠭᠦᠨ ᠤ ᠬᠠᠷᠢᠴᠠᠯ ᠵᠤᠬᠢᠰᠳᠠᠢ᠂ ᠰᠢᠩᠭᠡᠭᠡᠭᠦ ᠳᠤ ᠠᠮᠠᠷᠬᠠᠨ᠂ ᠰᠢᠮ᠎ᠡ ᠳᠡᠵᠢᠭᠡᠯ ᠤᠨ ᠦᠷᠳᠡᠭ ᠢᠶᠠᠷ ᠦᠨᠳᠦᠷ ᠢᠳᠡᠭᠡᠨ ᠪᠤᠯᠤᠨ᠎ᠠ᠃ ᠴᠢᠨᠠᠷᠯᠢᠭ ᠤᠭᠤᠷᠠᠭ᠂ ᠸᠢᠲ᠋ᠠᠮᠢᠨ A᠂ ᠸᠢᠲ᠋ᠠᠮᠢᠨ B2 ᠢ ᠬᠠᠩᠭᠠᠵᠤ᠂ ᠺᠠᠯᠼᠢ᠂ ᠹᠤᠰᠹᠤᠷ᠂ ᠺᠠᠯᠢ ᠵᠡᠷᠭᠡ ᠡᠷᠦᠳᠡᠰᠦᠨ ᠪᠤᠳᠠᠰ ᠢ ᠡᠯᠪᠡᠭ ᠠᠭᠤᠯᠵᠤ᠂ ᠭᠦᠮᠦᠨ ᠤ ᠪᠡᠶ᠎ᠡ ᠳᠤ ᠠᠮᠠᠷᠬᠠᠨ ᠰᠢᠩᠭᠡᠭᠳᠡᠭᠦ ᠳᠤᠯᠠ ᠺᠠᠯᠼᠯᠢᠭ ᠢᠳᠡᠭᠡᠨ ᠤ ᠬᠠᠮᠤᠭ ᠰᠠᠶᠢᠨ ᠢᠷᠡᠯᠳᠡ ᠪᠤᠯᠤᠨ᠎ᠠ᠃      ᠭᠡᠤᠭᠡᠳ ᠪᠠᠭᠠᠴᠤᠳ ᠦᠷᠭᠦᠯᠵᠢ ᠰᠦ ᠤᠤᠭᠤᠬᠤ ᠨᠢ ᠦᠰᠦᠯᠳᠡ ᠪᠤᠯᠤᠨ ᠶᠠᠰᠤᠨ ᠤ ᠡᠷᠡᠭᠦᠯ ᠮᠡᠨᠳᠤ ᠳᠤᠨᠢ ᠠᠰᠢᠭᠳᠠᠢ᠃ ᠰᠦ ᠤᠤᠭᠤᠬᠤ ᠨᠢ ᠺᠠᠯᠼᠢ ᠤᠨ ᠭᠡᠮᠵᠢᠶ᠎ᠡ ᠶᠢ ᠨᠡᠮᠡᠭᠳᠡᠭᠦᠯᠦᠨ᠂ ᠶᠠᠰᠤᠨ ᠤ ᠦᠰᠦᠯᠳᠡ ᠶᠢ ᠠᠬᠢᠭᠤᠯᠵᠤ᠂ ᠭᠡᠳᠡᠰᠦᠨ ᠳᠤᠳᠤᠷᠠᠬᠢ ᠰᠦᠨ ᠭᠦᠴᠢᠯ ᠤᠨ ᠪᠠᠺᠲ᠋ᠧᠷᠢ ᠶᠢ ᠨᠡᠮᠡᠭᠳᠡᠭᠦᠯᠵᠤ᠂ ᠭᠦᠮᠦᠨ ᠤ ᠪᠡᠶ᠎ᠡ ᠶᠢᠨ ᠺᠠᠯᠼᠢ ᠪᠠ ᠪᠤᠰᠤᠳ ᠡᠷᠦᠳᠡᠰᠦᠨ ᠪᠤᠳᠠᠰ ᠤᠨ ᠰᠢᠩᠭᠡᠭᠡᠯᠳᠡ ᠳᠤ ᠠᠰᠢᠭᠳᠠᠢ᠃ ᠶᠠᠰᠤ ᠪᠤᠯᠤᠨ ᠰᠢᠳᠦᠨ ᠤ ᠦᠰᠦᠨ ᠪᠤᠶᠢᠵᠢᠬᠤ ᠳᠤ ᠢᠳᠡᠪᠬᠢᠳᠠᠢ ᠠᠬᠢᠭᠤᠯᠬᠤ ᠦᠢᠯᠡᠳᠦᠯ ᠲᠠᠢ ᠪᠦᠭᠡᠳ ᠡᠪᠡᠳᠴᠢᠨ ᠰᠡᠷᠭᠡᠶᠢᠯᠡᠭᠦ ᠪᠠ ᠡᠪᠡᠳᠴᠢᠨ ᠢ ᠡᠰᠡᠷᠭᠦᠴᠡᠭᠦ ᠴᠢᠳᠠᠪᠤᠷᠢ ᠶᠢ ᠨᠡᠮᠡᠭᠳᠡᠭᠦᠯᠦᠨ᠎ᠡ᠃ ᠢᠳᠡᠷ ᠦᠳᠡᠯ᠎ᠡ ᠨᠠᠰᠤᠨ ᠤ ᠭᠦᠮᠦᠰ ᠰᠦ ᠤᠤᠭᠤᠪᠠᠯ ᠶᠠᠰᠤᠨ ᠡᠳ᠋ ᠤᠨ ᠬᠤᠷᠤᠭᠳᠠᠯ ᠢ ᠪᠠᠭᠠᠰᠬᠠᠨ ᠶᠠᠰᠤᠨ ᠤ ᠡᠷᠭᠦᠯ ᠮᠡᠨᠳᠤ ᠳᠤ ᠠᠰᠢᠭᠳᠠᠢ᠃      ᠢᠳᠡᠰᠢ ᠤᠤᠭᠤᠰᠢ ᠶᠢᠨ ᠳᠠᠳᠬᠠᠯ᠂ ᠰᠦ ᠶᠢᠨ ᠳᠦᠷᠦᠯ ᠤᠨ ᠦᠢᠯᠡᠳᠪᠦᠷᠢᠯᠡᠯ ᠪᠤᠯᠤᠨ ᠬᠠᠩᠭᠠᠯᠳᠠ ᠵᠡᠷᠭᠡ ᠡᠯᠧᠮᠧᠨ᠋ᠲ ᠤᠨ ᠨᠦᠯᠦᠭᠡ ᠪᠠᠷ᠂ ᠤᠳᠤᠬᠠᠨ ᠳᠤ ᠮᠠᠨ ᠤ ᠤᠯᠤᠰ ᠤᠨ ᠰᠠᠭᠤᠭᠠᠯᠢ ᠠᠷᠠᠳ ᠤᠨ ᠰᠦ ᠶᠢᠨ ᠳᠦᠷᠦᠯ ᠤᠨ ᠭᠡᠷᠡᠭᠯᠡᠭᠡ ᠨᠢ ᠭᠦᠭᠵᠢᠭᠰᠡᠨ ᠤᠯᠤᠰ ᠤᠨ ᠬᠢ ᠲᠠᠢ ᠬᠠᠷᠢᠴᠠᠭᠤᠯᠪᠠᠯ ᠨᠡᠯᠢᠶᠡᠳ ᠶᠡᠭᠡ ᠵᠦᠷᠢᠶ᠎ᠡ ᠲᠠᠢ᠃ ᠳᠡᠯᠡᠭᠡᠢ ᠶᠢᠨ ᠭᠦᠮᠦᠨ ᠪᠦᠷᠢ ᠶᠢᠨ ᠳᠡᠭᠰᠢᠳᠭᠡᠭᠰᠡᠨ ᠵᠢᠯ ᠪᠦᠷᠢ ᠶᠢᠨ ᠰᠦ ᠶᠢᠨ ᠭᠡᠷᠡᠭᠯᠡᠭᠦ ᠭᠡᠮᠵᠢᠶ᠎ᠡ ᠨᠢ 103 ᠺᠢᠯᠤᠭ᠍ᠷᠠᠮ᠂ ᠭᠦᠭᠵᠢᠭᠰᠡᠨ ᠤᠯᠤᠰ ᠤᠨ ᠭᠦᠮᠦᠨ ᠪᠦᠷᠢ 312 ᠺᠢᠯᠤᠭ᠍ᠷᠠᠮ ᠪᠠᠶᠢᠵᠤ᠂ ᠮᠠᠨ ᠤ ᠤᠯᠤᠰ ᠤᠨ ᠰᠠᠭᠤᠭᠠᠯᠢ ᠠᠷᠠᠳ ᠤᠨ ᠬᠢ ᠵᠦᠪᠬᠡᠨ 13-14 ᠺᠢᠯᠤᠭ᠍ᠷᠠᠮ ᠪᠠᠶᠢᠵᠤ ᠭᠦᠭᠵᠢᠭᠰᠡᠨ ᠤᠯᠤᠰ ᠤᠨ 5% ᠳᠤ ᠪᠠᠰᠠ ᠭᠦᠷᠭᠦ ᠦᠭᠡᠢ᠃ ᠮᠠᠨ ᠤ ᠤᠯᠤᠰ ᠤᠨ ᠭᠦᠮᠦᠨ ᠪᠦᠷᠢ ᠶᠢᠨ ᠳᠡᠭᠰᠢᠳᠭᠡᠭᠰᠡᠨ ᠵᠢᠯ ᠪᠦᠷᠢ ᠶᠢᠨ ᠰᠦ ᠶᠢᠨ ᠭᠡᠷᠡᠭᠯᠡᠭᠡᠨ ᠤ ᠭᠡᠮᠵᠢᠶ᠎ᠡ ᠳᠤ ᠬᠤᠳᠠ ᠭᠦᠳᠡᠭᠡ ᠶᠢᠨ ᠵᠦᠷᠢᠶ᠎ᠡ ᠢᠯᠡᠷᠭᠡᠢ ᠤᠷᠤᠰᠢᠵᠤ ᠪᠠᠶᠢᠨ᠎ᠠ᠃ ᠮᠠᠨ ᠤ ᠤᠯᠤᠰ ᠤᠨ ᠬᠤᠳᠠ ᠶᠢᠨ ᠰᠠᠭᠤᠭᠠᠯᠢ ᠠᠷᠠᠳ ᠤᠨ ᠭᠦᠮᠦᠨ ᠪᠦᠷᠢ ᠶᠢᠨ ᠳᠡᠭᠰᠢᠳᠭᠡᠭᠰᠡᠨ ᠡᠳᠦᠷ ᠤᠨ ᠰᠦ ᠶᠢᠨ ᠳᠦᠷᠦᠯ ᠤᠨ ᠭᠡᠷᠡᠭᠯᠡᠭᠡᠨ 66 ᠭᠷᠠᠮ᠂ ᠭᠦᠳᠡᠭᠡ ᠶᠢᠨ ᠬᠢᠨ ᠵᠦᠪᠬᠡᠨ 11 ᠭᠷᠠᠮ ᠪᠠᠶᠢᠵᠤ᠂ ᠬᠤᠳᠠ ᠭᠦᠳᠡᠭᠡ ᠶᠢᠨ ᠵᠦᠷᠢᠶ᠎ᠡ 6 ᠳᠠᠬᠢᠨ᠃ ᠮᠠᠨ ᠤ ᠤᠯᠤᠰ ᠤᠨ ᠰᠠᠭᠤᠭᠠᠯᠢ ᠠᠷᠠᠳ ᠤᠨ ᠦᠷᠭᠦᠯᠵᠢ ᠭᠡᠷᠡᠭᠯᠡᠳᠡᠭ ᠰᠦ ᠶᠢᠨ ᠳᠦᠷᠦᠯ ᠳᠤ ᠦᠨᠢᠶᠡᠨ ᠰᠦ᠂ ᠬᠤᠨᠢᠨ ᠰᠦ ᠪᠠ ᠭᠡᠭᠦᠨ ᠰᠦ ᠪᠠᠶᠢᠵᠤ᠂ ᠡᠭᠦᠨ ᠤ ᠳᠤᠳᠤᠷ᠎ᠠ ᠦᠨᠢᠶᠡᠨ ᠰᠦ ᠶᠢᠨ ᠭᠡᠷᠡᠭᠯᠡᠭᠡ ᠬᠠᠮᠤᠭ ᠶᠡᠭᠡ᠃ ᠪᠠᠰᠠ ᠰᠦᠨ ᠳᠠᠯᠬ᠎ᠠ᠂ ᠡᠭᠡᠳᠡᠭᠰᠡᠨ ᠰᠦ ᠵᠡᠷᠭᠡ ᠪᠦᠳᠦᠭᠡᠭᠳᠡᠭᠦᠨ ᠪᠠᠶᠢᠨ᠎ᠠ᠃      ᠤᠳᠤᠬᠠᠨ ᠳᠤ ᠮᠠᠨ ᠤ ᠤᠯᠤᠰ ᠤᠨ ᠰᠠᠭᠤᠭᠠᠯᠢ ᠠᠷᠠᠳ ᠤᠨ ᠭᠦᠮᠦᠨ ᠪᠦᠷᠢ ᠶᠢᠨ ᠡᠳᠦᠷ ᠤᠨ ᠺᠠᠯᠼᠢ ᠤᠨ ᠤᠷᠤᠭᠤᠯᠤᠯᠳᠠ ᠶᠢᠨ ᠭᠡᠮᠵᠢᠶ᠎ᠡ 400 ᠮᠢᠯᠢᠭᠷᠡᠮ ᠳᠤ ᠭᠦᠷᠭᠦ ᠦᠭᠡᠢ᠂ ᠡᠨᠡ ᠨᠢ ᠵᠤᠬᠢᠰᠳᠠᠢ ᠤᠷᠤᠭᠤᠯᠤᠯᠳᠠ ᠶᠢᠨ ᠬᠡᠮᠵᠢᠶᠡᠨ ᠤ ᠬᠠᠭᠠᠰ ᠲᠤ ᠯᠡ ᠭᠦᠷᠦᠨ᠎ᠡ᠃ ᠢᠳᠡᠰᠢᠨ ᠨᠤᠭᠤᠭ᠎ᠠ᠂ ᠠᠮᠤ ᠪᠤᠳᠠᠭ᠎ᠠ᠂ ᠳᠦᠮᠦᠰᠦᠨ ᠤ ᠳᠦᠷᠦᠯ ᠤᠨ ᠢᠳᠡᠭᠡᠨ ᠪᠤᠯ ᠢᠳᠡᠰᠢ ᠶᠢᠨ ᠺᠠᠯᠼᠢ ᠤᠨ ᠭᠤᠤᠯ ᠢᠷᠡᠯᠳᠡ ᠪᠠᠶᠢᠵᠤ᠂ ᠰᠦ ᠶᠢᠨ ᠳᠦᠷᠦᠯ ᠪᠤᠯᠤᠨ ᠰᠦ ᠶᠢᠨ ᠪᠦᠳᠦᠭᠡᠭᠳᠡᠭᠦᠨ ᠤ ᠺᠠᠯᠼᠢ ᠤᠨ ᠬᠠᠩᠭᠠᠯᠳᠠ 7% ᠳᠤ ᠭᠦᠷᠭᠦ ᠦᠭᠡᠢ᠃ ᠮᠠᠨ ᠤ ᠤᠯᠤᠰ ᠤᠨ ᠰᠠᠭᠤᠭᠠᠯᠢ ᠠᠷᠠᠳ ᠤᠨ ᠢᠳᠡᠰᠢ ᠶᠢᠨ ᠺᠠᠯᠼᠢ ᠤᠨ ᠤᠷᠤᠭᠤᠯᠤᠯᠳᠠ ᠶᠢᠨ ᠭᠡᠮᠵᠢᠶ᠎ᠡ ᠳᠠᠨᠢᠯᠴᠠᠭᠤᠯᠤᠭᠰᠠᠨ ᠤᠷᠤᠭᠤᠯᠤᠯᠳᠠ ᠶᠢᠨ ᠭᠡᠮᠵᠢᠶ᠎ᠡ ᠠᠴᠠ ᠬᠤᠯᠠ ᠳᠤᠤᠷ᠎ᠠ ᠮᠦᠷᠳᠡᠭᠡᠨ ᠭᠦᠳᠡᠭᠡ ᠳᠤᠰᠬᠤᠨ ᠤ ᠭᠡᠤᠭᠡᠳ ᠪᠠᠭᠠᠴᠤᠳ ᠤᠨ ᠴᠢᠨᠠᠷᠯᠢᠭ ᠤᠭᠤᠷᠠᠭ ᠤᠨ ᠤᠷᠤᠭᠤᠯᠤᠯᠳᠠ ᠶᠢᠨ ᠬᠠᠷᠢᠴᠠᠯ ᠴᠦ ᠬᠠᠷᠢᠴᠠᠩᠭᠤᠢ ᠳᠤᠤᠷ᠎ᠠ ᠪᠠᠶᠢᠳᠠᠭ᠃ ᠡᠶᠢᠮᠦ ᠠᠴᠠ ᠰᠦ ᠤᠤᠭᠤᠬᠤ ᠶᠢ ᠴᠢᠬᠤᠯᠠᠴᠢᠯᠠᠬᠤ ᠪᠤᠯ ᠮᠠᠨ ᠤ ᠤᠯᠤᠰ ᠤᠨ ᠰᠠᠭᠤᠭᠠᠯᠢ ᠠᠷᠠᠳ ᠤᠨ ᠺᠠᠯᠼᠢ ᠤᠨ ᠤᠷᠤᠭᠤᠯᠤᠯᠳᠠ ᠭᠦᠢᠴᠡᠳ ᠦᠭᠡᠢ ᠶᠢ ᠰᠠᠶᠢᠵᠢᠷᠠᠭᠤᠯᠬᠤ ᠳᠦᠭᠦᠮ᠂ ᠠᠷᠪᠢᠳᠠᠢ᠂ ᠪᠦᠳᠦᠮᠵᠢᠳᠠᠢ ᠠᠷᠭ᠎ᠠ ᠪᠤᠯᠤᠨ᠎ᠠ᠃ ᠭᠦᠮᠦᠨ ᠪᠦᠷᠢ ᠡᠳᠦᠷ ᠪᠦᠷᠢ 300 ᠭᠷᠠᠮ ᠤᠨ ᠰᠦ ᠤᠤᠭᠤᠬᠤ ᠶᠢᠨ ᠬᠠᠮᠳᠤ ᠪᠠᠰᠠ ᠪᠤᠰᠤᠳ ᠰᠦ ᠶᠢᠨ ᠳᠦᠷᠦᠯ ᠤᠨ ᠪᠦᠳᠦᠭᠡᠭᠳᠡᠭᠦᠨ ᠢ ᠵᠤᠬᠢᠬᠤ ᠭᠡᠮᠵᠢᠶ᠎ᠡ ᠪᠠᠷ ᠢᠳᠡᠪᠡᠯ ᠰᠠᠶᠢᠨ᠃ ᠢᠩᠬᠢᠪᠡᠯ 300 ᠮᠢᠯᠢᠭᠷᠡᠮ ᠤᠨ ᠺᠠᠯᠼᠢ ᠭᠦᠷᠳᠡᠭᠦ ᠶᠢᠨ ᠬᠠᠮᠳᠤ᠂ ᠳᠠᠬᠢᠨ ᠢᠳᠡᠰᠢ ᠶᠢᠨ ᠳᠤᠳᠤᠷ᠎ᠠ ᠠᠴᠠ ᠭᠦᠷᠳᠡᠭᠦ ᠺᠠᠯᠼᠢ ᠲᠠᠢ ᠨᠡᠶᠢᠯᠡᠭᠡᠳ ᠭᠦᠮᠦᠨ ᠤ ᠪᠡᠶ᠎ᠡ ᠶᠢᠨ ᠭᠡᠷᠡᠭᠰᠡᠭᠦ ᠺᠠᠯᠼᠢ ᠶᠢ ᠦᠨᠳᠦᠰᠦᠨ ᠳᠡᠭᠡᠨ ᠬᠠᠩᠭᠠᠵᠤ ᠳᠡᠶᠢᠯᠦᠨ᠎ᠡ᠃ ᠰᠦ ᠪᠤᠯᠤᠨ ᠰᠦ ᠶᠢᠨ ᠪᠦᠳᠦᠭᠡᠭᠳᠡᠭᠦᠨ ᠨᠢ ᠪᠠᠰᠠ ᠤᠭᠤᠷᠠᠭ᠂ ᠪᠤᠰᠤᠳ ᠡᠷᠦᠳᠡᠰᠦᠨ ᠪᠤᠳᠠᠰ ᠪᠠ ᠸᠢᠲ᠋ᠠᠮᠢᠨ ᠵᠡᠷᠭᠡ ᠰᠢᠮ᠎ᠡ ᠳᠡᠵᠢᠭᠡᠯᠳᠤ ᠪᠤᠳᠠᠰ ᠢ ᠬᠠᠩᠭᠠᠨ᠎ᠠ᠃      ᠵᠠᠷᠢᠮ ᠭᠦᠮᠦᠨ ᠤ ᠰᠢᠩᠭᠡᠭᠡᠯᠳᠡ ᠶᠢᠨ ᠵᠠᠮ ᠳᠤᠳᠤᠷ᠎ᠠ ᠰᠦᠨ ᠰᠢᠬᠢᠷ ᠤᠨ ᠢᠰᠭᠡᠭᠦᠷ ᠳᠤᠳᠠᠭᠳᠠᠵᠤ᠂ ᠦᠨᠢᠶᠡᠨ ᠰᠦ ᠶᠢᠨ ᠳᠤᠳᠤᠷᠠᠬᠢ ᠰᠦᠨ ᠰᠢᠬᠢᠷ ᠢ ᠪᠦᠷᠢᠮᠦᠰᠦᠨ ᠵᠠᠳᠠᠷᠠᠭᠤᠯᠵᠤ ᠨᠠᠷᠢᠨ ᠭᠡᠳᠡᠰᠦᠨ ᠳᠡᠭᠡᠨ ᠰᠢᠩᠭᠡᠭᠡᠵᠤ ᠳᠡᠶᠢᠯᠭᠦ ᠦᠭᠡᠢ ᠳᠤᠯᠠ ᠦᠯᠡᠳᠡᠭᠳᠡᠯ ᠰᠦᠨ ᠰᠢᠬᠢᠷ ᠨᠢ ᠬᠤᠳᠤᠷᠢᠩᠬᠠᠢ ᠭᠡᠳᠡᠰᠦᠨ ᠳᠤ ᠤᠷᠤᠭᠰᠠᠨ ᠴᠦ ᠢᠰᠴᠤ ᠳᠡᠶᠢᠯᠭᠦ ᠦᠭᠡᠢ ᠳᠤᠯᠠ ᠦᠨᠢᠶᠡᠨ ᠰᠦ ᠤᠤᠭᠤᠭᠰᠠᠨ ᠤ ᠬᠤᠶᠢᠨ᠎ᠠ ᠭᠡᠳᠡᠰᠤ ᠭᠦᠭᠡᠭᠦ᠂ ᠭᠡᠳᠡᠰᠤ ᠡᠪᠡᠳᠭᠦ᠂ ᠰᠠᠭᠤᠯᠭᠠᠬᠤ᠂ ᠭᠡᠢ ᠭᠠᠷᠭᠠᠬᠤ ᠵᠡᠷᠭᠡ ᠢᠯᠡᠷᠡᠯ ︵ᠰᠦᠨ ᠰᠢᠬᠢᠷ ᠤᠨ ᠳᠡᠰᠪᠦᠷᠢᠳᠤ ᠪᠤᠰᠤ ᠭᠡᠳᠡᠭ︶ ᠭᠠᠷᠳᠠᠭ᠃ ᠡᠳᠡᠭᠡᠷ ᠭᠦᠮᠦᠰ ᠤᠯᠠᠨ ᠤᠳᠠᠭ᠎ᠠ ᠪᠠᠭ᠎ᠠ ᠭᠡᠮᠵᠢᠶ᠎ᠡ ᠪᠠᠷ ᠤᠤᠭᠤᠬᠤ ᠪᠤᠶᠤ ᠡᠭᠡᠳᠡᠭᠰᠡᠨ ᠰᠦ᠂ ᠰᠦᠨ ᠰᠢᠬᠢᠷ ᠤᠨ ᠢᠰᠭᠡᠭᠦᠷ ᠨᠡᠮᠡᠭᠦ ᠵᠡᠷᠭᠡ ᠠᠷᠭ᠎ᠠ ᠪᠠᠷ ᠰᠦᠨ ᠰᠢᠬᠢᠷ ᠤᠨ ᠳᠠᠰᠪᠦᠷᠢᠳᠤ ᠪᠤᠰᠤ ᠴᠢᠨᠠᠷ ᠤᠨ ᠢᠯᠡᠷᠡᠯ ᠢ ᠭᠦᠩᠭᠡᠷᠡᠭᠦᠯᠵᠤ ᠪᠤᠯᠤᠨ᠎ᠠ ᠃      ᠢᠳᠡᠷ ᠦᠳᠡᠯ᠎ᠡ ᠨᠠᠰᠤᠨ ᠤ ᠭᠦᠮᠦᠰ ᠳᠤᠰᠤ ᠪᠠᠭ᠎ᠠ ᠲᠠᠢ ᠪᠤᠶᠤ ᠳᠤᠰᠤ ᠶᠢ ᠨᠢ ᠰᠠᠯᠭᠠᠭᠰᠠᠨ ᠰᠦᠨ ᠤ ᠪᠦᠳᠦᠭᠡᠭᠳᠡᠭᠦᠨ ᠢ ᠰᠤᠩᠭᠤᠬᠤ ᠪᠦᠭᠡᠳ ᠴᠠᠳᠳᠠᠯ᠎ᠠ ᠢᠳᠡᠭᠦ ᠪᠠ ᠦᠭᠡᠭᠦᠨ ᠭᠦᠴᠢᠯ ᠤᠨ ᠭᠡᠳᠤ ᠢᠯᠡᠭᠦᠦ ᠤᠷᠤᠭᠤᠯᠤᠯᠳᠠ ᠠᠴᠠ ᠵᠠᠶᠢᠯᠠᠬᠤ ᠭᠡᠷᠡᠭᠳᠠᠢ᠃ ᠰᠦ ᠤᠤᠭᠤᠬᠤ ᠭᠡᠮᠵᠢᠶ᠎ᠡ ᠨᠡᠯᠢᠶᠡᠳ ᠶᠡᠭᠡ ᠪᠤᠶᠤ ᠴᠢᠰᠤᠨ ᠤ ᠦᠭᠡᠭᠦ ᠦᠨᠳᠦᠷ᠂ ᠭᠡᠳᠤ ᠮᠠᠷᠢᠶᠠᠳᠠᠢ ᠭᠦᠮᠦᠰ ᠳᠤᠰᠤ ᠶᠢ ᠨᠢ ᠪᠠᠭᠠᠰᠬᠠᠭᠰᠠᠨ᠂ ᠳᠤᠰᠤ ᠪᠠᠭ᠎ᠠ ᠲᠠᠢ ᠪᠤᠶᠤ ᠳᠤᠰᠤ ᠶᠢ ᠨᠢ ᠰᠠᠯᠭᠠᠭᠰᠠᠨ ᠰᠦ ᠵᠢᠴᠢ ᠳᠡᠭᠦᠨ ᠤ ᠪᠦᠳᠦᠭᠡᠭᠳᠡᠭᠦᠨ ᠢ ᠰᠤᠩᠭᠤᠨ ᠭᠡᠷᠡᠭᠯᠡᠪᠡᠯ ᠵᠤᠬᠢᠨ᠎ᠠ᠃     ᠰᠢᠷ᠎ᠠ ᠪᠤᠷᠴᠠᠭ ᠵᠢᠴᠢ ᠳᠡᠭᠦᠨ ᠤ ᠪᠦᠳᠦᠭᠡᠭᠳᠡᠭᠦᠨ ᠳᠤ ᠴᠢᠨᠠᠷᠯᠢᠭ ᠤᠭᠤᠷᠠᠭ᠂ ᠭᠡᠷᠡᠭᠴᠡᠭᠡᠳᠤ ᠦᠭᠡᠭᠦᠨ ᠭᠦᠴᠢᠯ᠂ B ᠳᠦᠷᠦᠯ ᠤᠨ ᠸᠢᠲ᠋ᠠᠮᠢᠨ E ᠪᠤᠯᠤᠨ ᠢᠳᠡᠰᠢ ᠶᠢᠨ ᠰᠢᠷᠭᠡᠭᠯᠢᠭ ᠵᠡᠷᠭᠡ ᠰᠢᠮ᠎ᠡ ᠳᠡᠵᠢᠭᠡᠯᠳᠤ ᠡᠳ᠋ ᠪᠠᠶᠢᠬᠤ ᠠᠴᠠ ᠭᠠᠳᠠᠨ᠎ᠠ ᠪᠠᠰᠠ ᠹᠤᠰᠹᠤᠷᠳᠤ ᠦᠭᠡᠭᠦ᠂ ᠳ᠋ᠢ ᠵᠢᠤᠢ ᠲᠠᠩ ︵低聚糖︶ ᠵᠢᠴᠢ ᠢ ᠬᠤᠸᠠᠩ ᠲᠦᠩ ︵异黄酮︶᠂ ᠤᠷᠭᠤᠮᠠᠯ ᠤᠨ ᠭᠤᠨᠠᠨ ᠠᠯᠺᠤᠤᠯ ᠵᠡᠷᠭᠡ ᠤᠯᠠᠨ ᠵᠦᠢᠯ ᠤᠨ ᠤᠷᠭᠤᠮᠠᠯ ᠤᠨ ᠬᠢᠮᠢ ᠶᠢᠨ ᠪᠤᠳᠠᠰ ᠠᠭᠤᠯᠤᠭᠳᠠᠵᠤ ᠪᠠᠶᠢᠳᠠᠭ᠃ ᠰᠢᠷ᠎ᠠ ᠪᠤᠷᠴᠠᠭ ᠵᠢᠴᠢ ᠳᠡᠭᠦᠨ ᠤ ᠪᠦᠳᠦᠭᠡᠭᠳᠡᠭᠦᠨ ᠤ ᠰᠢᠮ᠎ᠡ ᠳᠡᠵᠢᠭᠡᠯ ᠡᠯᠪᠡᠭ᠂ ᠴᠢᠬᠢᠷᠠᠭᠵᠢᠭᠤᠯᠬᠤ ᠦᠢᠯᠡᠳᠦᠯ ᠲᠠᠢ ᠳᠤᠯᠠ ᠨᠠᠰᠤᠳᠠᠶᠢᠴᠤᠤᠯ ᠪᠤᠯᠤᠨ ᠵᠢᠷᠦᠭᠡ ᠴᠢᠰᠤᠨ ᠰᠤᠳᠠᠯ ᠤᠨ ᠡᠪᠡᠳᠴᠢᠳᠡᠨ ᠳᠤ ᠳᠤᠬᠢᠷᠠᠬᠤ ᠢᠳᠡᠭᠡᠨ ᠪᠤᠯᠤᠨ᠎ᠠ᠃ ᠭᠦᠳᠡᠭᠡ ᠳᠤᠰᠬᠤᠨ ᠤ ᠰᠠᠭᠤᠭᠠᠯᠢ ᠠᠷᠠᠳ ᠵᠤᠬᠢᠬᠤ ᠭᠡᠮᠵᠢᠶᠡᠨ ᠤ ᠰᠢᠷ᠎ᠠ ᠪᠤᠷᠴᠠᠭ ᠪᠤᠯᠤᠨ ᠳᠡᠭᠦᠨ ᠤ ᠪᠦᠳᠦᠭᠡᠭᠳᠡᠭᠦᠨ ᠢ ᠢᠳᠡᠪᠡᠯ ᠴᠢᠨᠠᠷᠯᠢᠭ ᠤᠭᠤᠷᠠᠭ ᠤᠨ ᠤᠷᠤᠭᠤᠯᠤᠯᠳᠠ ᠶᠢ ᠨᠡᠮᠡᠭᠳᠡᠭᠦᠯᠵᠤ᠂ ᠪᠠᠰᠠ ᠬᠤᠳᠠ ᠶᠢᠨ ᠰᠠᠭᠤᠭᠠᠯᠢ ᠠᠷᠠᠳ ᠤᠨ ᠮᠢᠬᠠᠨ ᠤ ᠳᠦᠷᠦᠯ ᠢ ᠢᠯᠡᠭᠦᠦ ᠢᠳᠡᠭᠰᠡᠨ ᠠᠴᠠ ᠪᠤᠯᠤᠭᠰᠠᠨ ᠠᠰᠢᠭ ᠦᠭᠡᠢ ᠨᠦᠯᠦᠭᠡ ᠶᠢ ᠰᠡᠷᠭᠡᠶᠢᠯᠡᠵᠤ ᠴᠢᠳᠠᠨ᠎ᠠ᠃     ᠭᠦᠮᠦᠨ ᠪᠦᠷᠢ ᠡᠳᠦᠷ ᠲᠤ 30-50 ᠭᠷᠠᠮ ᠤᠨ ᠰᠢᠷ᠎ᠠ ᠪᠤᠷᠴᠠᠭ ᠪᠤᠯᠤᠨ ᠵᠤᠬᠢᠬᠤ ᠭᠡᠮᠵᠢᠶᠡᠨ ᠤ ᠪᠤᠷᠴᠠᠭ ᠤᠨ ᠢᠳᠡᠭᠡᠨ ᠢ ᠢᠳᠡᠪᠡᠯ ᠵᠤᠬᠢᠨ᠎ᠠ᠃ ᠭᠦᠮᠦᠨ ᠪᠦᠷᠢ ᠡᠳᠦᠷ ᠲᠤ 40 ᠭᠷᠠᠮ ᠤᠨ ᠰᠢᠷ᠎ᠠ ᠪᠤᠷᠴᠠᠭ ᠪᠤᠯᠤᠨ ᠳᠡᠭᠦᠨ ᠤ ᠪᠦᠳᠦᠭᠡᠭᠳᠡᠭᠦᠨ ᠢ ᠢᠳᠡᠪᠡᠯ ᠵᠤᠬᠢᠨ᠎ᠠ᠃ ᠬᠠᠩᠭᠠᠬᠤ ᠤᠭᠤᠷᠠᠭ ᠤᠨ ᠭᠡᠮᠵᠢᠶ᠎ᠡ ᠪᠠᠷ ᠪᠤᠳᠤᠪᠠᠯ᠂ 40 ᠭᠷᠠᠮ ᠰᠢᠷ᠎ᠠ ᠪᠤᠷᠴᠠᠭ ᠨᠢ ᠪᠠᠷᠤᠭ 200 ᠭᠷᠠᠮ ᠳ᠋ᠸᠤᠹᠦ᠋᠂ 100 ᠭᠷᠠᠮ ᠬᠠᠳᠠᠭᠠᠮᠠᠯ ᠳ᠋ᠸᠤᠹᠦ᠋᠂ 30 ᠭᠷᠠᠮ ᠪᠤᠷᠴᠠᠭ ᠤᠨ ᠦᠷᠦᠮ᠎ᠡ᠂ 700 ᠭᠷᠠᠮ ᠳ᠋ᠸᠤᠹᠦ᠋ ᠶᠢᠨ ᠡᠭᠡᠳᠡᠩ᠂ 800 ᠭᠷᠠᠮ ᠪᠤᠷᠴᠠᠭ ᠤᠨ ᠤᠭᠤᠷᠠᠭ ᠲᠠᠢ ᠳᠤᠰ ᠳᠤᠰ ᠳᠡᠩᠴᠡᠨ᠎ᠡ᠃     ᠳᠦᠭᠦᠭᠡᠢ ᠪᠤᠷᠴᠠᠭ ᠤᠨ ᠤᠭᠤᠷᠠᠭ ᠢ ᠡᠷᠭᠡᠪᠰᠢ ᠶᠡᠭᠡ ᠭᠠᠯ ᠢᠶᠠᠷ ᠴᠢᠨᠠᠵᠤ ᠪᠤᠴᠠᠯᠭᠠᠭᠰᠠᠨ ᠤ ᠬᠤᠶᠢᠨ᠎ᠠ ᠳᠠᠬᠢᠨ ᠵᠦᠭᠡᠯᠡᠨ ᠭᠠᠯ ᠢᠶᠠᠷ 5 ᠮᠢᠨᠦ᠋ᠲ ᠤᠷᠴᠢᠮ ᠴᠢᠨᠠᠨ᠎ᠠ᠃ ᠳᠦᠭᠦᠭᠡᠢ ᠪᠤᠷᠴᠠᠭ ᠤᠨ ᠤᠭᠤᠷᠠᠭ ᠪᠤᠶᠤ ᠪᠤᠴᠠᠯᠭᠠᠭᠰᠠᠨ ᠦᠭᠡᠢ ᠪᠤᠷᠴᠠᠭ ᠤᠨ ᠤᠭᠤᠷᠠᠭ ᠢ ᠤᠤᠭᠤᠪᠠᠯ ᠬᠤᠤᠷᠳᠠᠭᠳᠠᠬᠤ᠂ ᠪᠦᠭᠡᠯᠵᠢᠰᠤ ᠭᠦᠷᠭᠦ᠂ ᠤᠭᠰᠢᠭᠤᠯᠬᠤ᠂ ᠭᠡᠳᠡᠰᠤ ᠡᠪᠡᠳᠭᠦ᠂ ᠭᠡᠳᠡᠰᠤ ᠭᠦᠭᠡᠭᠦ᠂ ᠰᠠᠭᠤᠯᠭᠠᠬᠤ ᠵᠡᠷᠭᠡ ᠬᠤᠳᠤᠭᠤᠳᠤ ᠭᠡᠳᠡᠰᠦᠨ ᠤ ᠡᠪᠡᠳᠴᠢᠨ ᠤ ᠢᠯᠡᠷᠡᠯ ᠲᠠᠢ ᠪᠤᠯᠤᠨ᠎ᠠ᠃    
ᠢᠷᠡᠯᠲᠡ᠄ ᠡᠷᠡᠭᠦᠯ ᠮᠡᠨᠳᠦ ᠶᠢᠨ ᠶᠡᠷᠦ ᠶᠢᠨ ᠮᠡᠳᠡᠯᠭᠡ