ᠨᠠᠰᠤᠨ ᠳᠤ ᠭᠦᠷᠦᠭᠰᠡᠳ ᠤᠨ ᠭᠡᠪ ᠤᠨ ᠪᠡᠶ᠎ᠡ ᠶᠢᠨ ᠭᠦᠨᠳᠤ ᠶᠢ ᠳᠡᠯᠡᠭᠡᠢ ᠳᠡᠭᠡᠷ᠎ᠡ ᠭᠡᠷᠡᠭᠯᠡᠵᠤ ᠪᠠᠶᠢᠭ᠎ᠠ ᠪᠡᠶ᠎ᠡ ᠮᠠᠬᠠᠪᠤᠳ ᠤᠨ ᠢᠯᠡᠳᠭᠡᠭᠴᠢ ︵BMI︶ ᠪᠠᠷ | ᠭᠡᠮᠵᠢᠵᠤ ᠪᠤᠯᠤᠨ᠎ᠠ᠃ BMI ᠶᠢᠨ ᠪᠤᠳᠤᠬᠤ ᠠᠷᠭ᠎ᠠ ᠪᠤᠯ ᠪᠡᠶ᠎ᠡ ᠶᠢᠨ ᠭᠦᠨᠳᠤ ︵ᠺᠢᠯᠤᠭ᠍ᠷᠠᠮ︶ ᠪᠠᠨ ᠪᠡᠶ᠎ᠡ ᠶᠢᠨ ᠦᠨᠳᠦᠷ ︵ᠮᠧᠲᠷ︶ ᠤᠨ ᠺᠦᠸᠠᠳ᠋ ᠪᠠᠷ ᠬᠤᠪᠢᠶᠠᠨ᠎ᠠ | ᠃ ᠮᠠᠨ ᠤ ᠤᠯᠤᠰ ᠤᠨ ᠨᠠᠰᠤᠨ ᠳᠤ ᠭᠦᠷᠦᠭᠰᠡᠳ ᠤᠨ ᠭᠡᠪ ᠤᠨ ᠪᠡᠶ᠎ᠡ ᠶᠢᠨ ᠭᠦᠨᠳᠤ ᠶᠢᠨ BMI ᠶᠢᠨ ᠭᠡᠪᠴᠢᠶ᠎ᠡ 18.5-23.9 ᠺᠢᠯᠤᠭ᠍ᠷᠠᠮ \ ᠺᠦᠸᠠᠳ᠋ ᠮᠧᠲᠷ᠂ | BMI ᠨᠢ 24-27.9 ᠺᠢᠯᠤᠭ᠍ᠷᠠᠮ \ ᠺᠦᠸᠠᠳ᠋ ᠮᠧᠲᠷ ᠪᠤᠯᠪᠠᠯ ᠭᠡᠳᠤ ᠭᠦᠨᠳᠤ ᠪᠤᠯᠵᠤ᠂ 28 ᠺᠢᠯᠤᠭ᠍ᠷᠠᠮ \ ᠺᠦᠸᠠᠳ᠋ ᠮᠧᠲᠷ ᠲᠠᠢ ᠳᠡᠩᠴᠡᠭᠦᠦ ᠪᠤᠶᠤ ᠶᠡᠭᠡ | ᠪᠤᠯᠪᠠᠯ ᠳᠠᠷᠭᠤᠨ ᠳᠤ ᠳᠤᠭᠠᠴᠠᠭᠳᠠᠨ᠎ᠠ᠃ ᠪᠠᠭᠠᠴᠤᠳ ᠭᠡᠤᠭᠡᠳ ᠤᠨ ᠪᠡᠶ᠎ᠡ ᠤᠨ ᠭᠡᠪ ᠤᠨ ᠪᠡᠶ᠎ᠡ ᠶᠢᠨ ᠭᠦᠨᠳᠤ ᠶᠢᠨ ᠪᠠᠷᠢᠮᠵᠢᠶ᠎ᠠ ᠶᠢ ᠨᠠᠰᠤᠨ ᠳᠤ | ᠭᠦᠷᠦᠭᠰᠡᠳ ᠤᠨ ᠬᠢ ᠪᠠᠷ ᠭᠡᠮᠵᠢᠵᠤ ᠪᠤᠯᠬᠤ ᠦᠭᠡᠢ᠂ ᠳᠡᠳᠡᠨ ᠤ ᠪᠤᠶᠢᠵᠢᠯᠳᠠ ᠶᠢᠨ ᠶᠠᠪᠤᠴᠠ ᠳᠤᠮᠳᠠᠬᠢ ᠪᠡᠶ᠎ᠡ ᠶᠢᠨ ᠦᠨᠳᠦᠷ ᠪᠤᠯᠤᠨ ᠪᠡᠶ᠎ᠡ ᠶᠢᠨ ᠭᠦᠨᠳᠤ ᠶᠢᠨ | ᠬᠤᠪᠢᠷᠠᠯᠳᠠ ᠶᠢᠨ ᠤᠨᠴᠠᠯᠢᠭ ᠢ ᠪᠤᠳᠤᠯᠬᠢᠯᠠᠬᠤ ᠭᠡᠷᠡᠭᠳᠠᠢ᠃ | ᠪᠡᠶ᠎ᠡ ᠶᠢᠨ ᠭᠦᠨᠳᠤ ᠨᠢ ᠭᠡᠪ ᠤᠨ ᠭᠡᠪᠴᠢᠶᠡᠨ ᠳᠤᠳᠤᠷ᠎ᠠ ᠪᠠᠶᠢᠬᠤ ᠭᠦᠮᠦᠨ ᠤ ᠡᠪᠡᠳᠴᠢᠨ ᠤᠯᠬᠤ ᠨᠤᠷᠮ᠎ᠠ ᠨᠢ ᠡᠴᠡᠩᠭᠡᠢ ᠪᠤᠶᠤ ᠭᠡᠳᠤ ᠭᠦᠨᠳᠤ᠂ ᠳᠠᠷᠭᠤᠨ | ᠭᠦᠮᠦᠨ ᠠᠴᠠ ᠳᠤᠤᠷ᠎ᠠ ᠪᠠᠶᠢᠳᠠᠭ᠃ ᠪᠡᠶ᠎ᠡ ᠶᠢᠨ ᠭᠦᠨᠳᠤ ᠨᠢ ᠭᠡᠳᠦᠷᠭᠡᠢ ᠭᠦᠩᠭᠡᠨ ᠪᠤᠶᠤ ᠭᠡᠳᠤ ᠭᠦᠨᠳᠤ ᠨᠢ ᠪᠡᠶ᠎ᠡ ᠮᠠᠬᠠᠪᠤᠳ ᠪᠠ ᠤᠶᠤᠨ ᠤ ᠭᠦᠭᠵᠢᠯᠳᠡ ᠶᠢ | ᠨᠦᠯᠦᠭᠡᠯᠡᠳᠡᠭ᠃ ᠨᠠᠰᠤᠨ ᠳᠤ ᠭᠦᠷᠦᠭᠰᠡᠳ ᠤᠨ ᠪᠡᠶ᠎ᠡ ᠶᠢᠨ ᠭᠦᠨᠳᠤ ᠭᠡᠳᠦᠷᠭᠡᠢ ᠭᠦᠩᠭᠡᠨ ᠪᠤᠯᠪᠠᠯ ᠭᠦᠳᠡᠯᠮᠦᠷᠢ ᠶᠢᠨ ᠴᠢᠳᠠᠪᠤᠷᠢ ᠳᠤᠷᠤᠭᠰᠢᠯᠠᠬᠤ᠂ ᠶᠠᠰᠤᠨ ᠤ | ᠭᠡᠮᠵᠢᠶ᠎ᠡ ᠠᠯᠳᠠᠭᠳᠠᠬᠤ᠂ ᠶᠠᠰᠤ ᠪᠠᠷᠳᠡᠭᠦ᠂ ᠬᠤᠳᠤᠭᠤᠳᠤ ᠭᠡᠳᠡᠰᠦᠨ ᠤ ᠠᠵᠢᠯᠯᠠᠭ᠎ᠠ ᠰᠠᠮᠠᠭᠤᠷᠠᠬᠤ᠂ ᠡᠭᠡᠯᠢᠯᠡᠭᠡ ᠶᠢᠨ ᠴᠢᠳᠠᠯ ᠳᠤᠷᠤᠭᠰᠢᠯᠠᠬᠤ᠂ ᠴᠢᠰᠤ ᠳᠤᠳᠠᠬᠤ᠂ | ᠭᠠᠩᠰᠠᠷᠠᠬᠤ ᠭᠡᠮ ᠲᠠᠢ ᠪᠤᠯᠬᠤ ᠵᠡᠷᠭᠡ ᠤᠯᠠᠨ ᠳᠠᠯ᠎ᠠ ᠶᠢᠨ ᠡᠪᠡᠳᠴᠢᠨ ᠤ ᠢᠯᠡᠷᠡᠯ ᠭᠠᠷᠤᠨ᠎ᠠ᠃ ᠡᠮᠡᠭᠳᠠᠶᠢᠴᠤᠳ ᠲᠤ ᠪᠠᠰᠠ ᠰᠠᠷ᠎ᠠ ᠶᠢᠨ ᠭᠬᠢᠷ ᠳᠡᠭᠰᠢ ᠦᠭᠡᠢ ᠪᠤᠶᠤ | ᠰᠠᠷ᠎ᠠ ᠶᠢᠨ ᠭᠬᠢᠷ ᠵᠤᠭᠰᠤᠬᠤ ᠵᠡᠷᠭᠡ ᠢᠯᠡᠷᠡᠯ ᠲᠠᠢ ᠪᠤᠯᠤᠨ᠎ᠠ᠃ ᠭᠡᠳᠤ ᠭᠦᠨᠳᠤ ᠪᠠ ᠳᠠᠷᠭᠤᠨ ᠪᠤᠯᠬᠤ ᠨᠢ ᠵᠢᠷᠦᠭᠡ ᠳᠠᠷᠢᠬᠢᠨ ᠤ ᠴᠢᠰᠤᠨ ᠰᠤᠳᠠᠯ ᠤᠨ ᠡᠪᠡᠳᠴᠢᠨ᠂ | ᠰᠢᠬᠢᠷ ᠰᠢᠵᠢᠩ ᠡᠪᠡᠳᠴᠢᠨ ᠤ ᠡᠭᠦᠰᠭᠦ ᠨᠤᠷᠮ᠎ᠠ ᠶᠢ ᠢᠯᠡᠳᠳᠡ ᠨᠡᠮᠡᠭᠳᠡᠭᠦᠯᠳᠡᠭ᠃ ᠳᠠᠷᠭᠤᠨ ᠭᠦᠮᠦᠨ ᠪᠠᠰᠠ ᠶᠠᠰᠤᠨ ᠤ ᠦᠶ᠎ᠡ ᠭᠡᠰᠢᠭᠦᠦ ᠶᠢᠨ ᠡᠪᠡᠳᠴᠢᠨ᠂ | ᠦᠭᠡᠭᠦᠯᠡᠭᠰᠡᠨ ᠡᠯᠢᠭᠡ᠂ ᠰᠦᠰᠦ ᠴᠢᠯᠠᠭᠤᠵᠢᠬᠤ ᠡᠪᠡᠳᠴᠢᠨ᠂ ᠳᠤᠯᠢ ᠡᠪᠡᠳᠴᠢᠨ᠂ ᠪᠦᠭᠯᠡᠷᠡᠯ ᠤᠨ ᠴᠢᠨᠠᠷᠳᠠᠢ ᠤᠨᠳᠠᠯᠭ᠎ᠠ ᠶᠢᠨ ᠠᠮᠢᠰᠬᠤᠭ᠎ᠠ ᠳᠦᠷ ᠵᠤᠭᠰᠤᠬᠤ | ᠨᠡᠶᠢᠯᠡᠭ ᠭᠡᠮ᠂ ᠳᠤᠳᠤᠭᠠᠳᠤ ᠰᠢᠭᠦᠷᠡᠯ ᠰᠠᠮᠠᠭᠤᠷᠠᠬᠤ ᠵᠡᠷᠭᠡ ᠡᠪᠡᠳᠴᠢᠨ ᠢ ᠠᠮᠠᠷᠬᠠᠨ ᠤᠯᠤᠨ᠎ᠠ᠃ ᠢᠳᠡᠰᠢ ᠶᠢᠨ ᠭᠡᠮᠵᠢᠶ᠎ᠡ ᠪᠠ ᠭᠦᠳᠡᠯᠭᠡᠭᠡᠨ ᠬᠢᠭᠦ ᠪᠤᠯ ᠭᠡᠪ ᠤᠨ | ᠪᠡᠶ᠎ᠡ ᠶᠢᠨ ᠭᠦᠨᠳᠤ ᠶᠢ ᠪᠠᠳᠤᠯᠠᠬᠤ ᠬᠤᠶᠠᠷ ᠭᠤᠤᠯ ᠡᠯᠧᠮᠧᠨ᠋ᠲ ᠮᠦᠨ᠃ | ᠢᠳᠡᠰᠢ ᠨᠢ ᠭᠦᠮᠦᠨ ᠤ ᠪᠡᠶ᠎ᠡ ᠳᠤ ᠡᠨᠧᠷᠬᠢ ᠬᠠᠩᠭᠠᠵᠤ᠂ ᠭᠦᠳᠡᠯᠭᠡᠭᠡᠨ ᠬᠢᠭᠦ ᠨᠢ ᠡᠨᠧᠷᠬᠢ ᠶᠢ ᠬᠤᠷᠤᠭᠳᠠᠭᠤᠯᠤᠨᠠ᠃ ᠭᠡᠷᠪᠡ ᠢᠳᠡᠰᠢ ᠶᠢᠨ ᠭᠡᠮᠵᠢᠶ᠎ᠡ | ᠠᠷᠪᠢᠳᠴᠤ ᠭᠦᠳᠡᠯᠭᠡᠭᠡᠨ ᠬᠢᠭᠦ ᠭᠡᠮᠵᠢᠶ᠎ᠡ ᠭᠦᠢᠴᠡᠳ ᠦᠭᠡᠢ ᠪᠤᠯ ᠦᠯᠡᠳᠡᠭᠳᠡᠯ ᠡᠨᠧᠷᠬᠢ ᠨᠢ ᠭᠦᠮᠦᠨ ᠤ ᠪᠡᠶ᠎ᠡ ᠳᠤᠳᠤᠷ᠎ᠠ ᠦᠭᠡᠭᠦ ᠶᠢᠨ ᠭᠡᠯᠪᠡᠷᠢ ᠪᠠᠷ ᠬᠠᠳᠠᠭᠠᠯᠠᠭᠳᠠᠨ | ᠪᠡᠶ᠎ᠡ ᠶᠢᠨ ᠭᠦᠨᠳᠤ ᠶᠢ ᠨᠡᠮᠡᠭᠳᠡᠭᠦᠯᠵᠤ ᠭᠡᠳᠤ ᠭᠦᠨᠳᠤ ᠪᠤᠶᠤ ᠳᠠᠷᠭᠤᠨ ᠪᠤᠯᠭᠠᠨ᠎ᠠ᠃ ᠡᠰᠡᠷᠭᠦ ᠪᠠᠷ ᠭᠡᠷᠪᠡ ᠢᠳᠡᠰᠢ ᠶᠢᠨ ᠭᠡᠮᠵᠢᠶ᠎ᠡ ᠭᠦᠷᠦᠯᠴᠡᠭᠦ ᠦᠭᠡᠢ ᠪᠤᠯ ᠡᠨᠧᠷᠬᠢ | ᠭᠦᠢᠴᠡᠳ ᠦᠭᠡᠢ ᠠᠴᠠ ᠪᠤᠯᠵᠤ ᠭᠡᠳᠦᠷᠭᠡᠢ ᠭᠦᠩᠭᠡᠨ ᠪᠤᠶᠤ ᠡᠴᠡᠩᠭᠡᠢ ᠪᠤᠯᠭᠠᠨ᠎ᠠ᠃ ᠡᠶᠢᠮᠦ ᠠᠴᠠ ᠢᠳᠡᠰᠢ ᠶᠢᠨ ᠭᠡᠮᠵᠢᠶ᠎ᠡ ᠪᠠ ᠭᠦᠳᠡᠯᠭᠡᠭᠡᠨ ᠬᠢᠭᠦ ᠭᠡᠮᠵᠢᠶ᠎ᠡ ᠪᠠᠨ | ᠳᠡᠩᠴᠡᠭᠦᠷᠢᠳᠠᠢ ᠪᠠᠶᠢᠯᠭᠠᠬᠤ ᠤᠯᠠᠨ ᠵᠦᠢᠯ ᠤᠨ ᠢᠳᠡᠭᠡᠨ ᠤ ᠬᠠᠩᠭᠠᠭᠰᠠᠨ ᠡᠨᠧᠷᠬᠢ ᠨᠢ ᠪᠡᠶ᠎ᠡ ᠮᠠᠬᠠᠪᠤᠳ ᠤᠨ ᠭᠡᠷᠡᠭᠴᠡᠭᠡ ᠶᠢ ᠬᠠᠩᠭᠠᠬᠤ ᠶᠢᠨ ᠬᠠᠮᠳᠤ ᠪᠡᠶ᠎ᠡ ᠳᠤ | ᠦᠯᠡᠳᠡᠭᠦ ᠦᠭᠡᠢ ᠪᠠᠶᠢᠬᠤ ᠶᠢ ᠪᠠᠳᠤᠯᠠᠪᠠᠯ ᠵᠤᠬᠢᠨ᠎ᠠ᠃ ᠢᠩᠬᠢᠪᠡᠯ ᠰᠠᠶ᠋ᠢ ᠪᠡᠶ᠎ᠡ ᠶᠢᠨ ᠭᠦᠨᠳᠤ ᠶᠢ ᠳᠤᠬᠢᠷᠠᠮᠵᠢᠳᠠᠢ ᠭᠡᠪᠴᠢᠶᠡᠨ ᠳᠤᠳᠤᠷ᠎ᠠ ᠬᠢᠵᠠᠭᠠᠷᠯᠠᠵᠤ ᠴᠢᠳᠠᠨ᠎ᠠ᠃ | ᠡᠩ ᠤᠨ ᠪᠠᠶᠢᠳᠠᠯ ᠳᠤ ᠬᠤᠭᠤᠯᠠᠨ ᠤ ᠳᠤᠷᠠᠰᠢᠯ ᠨᠢ ᠢᠳᠡᠰᠢ ᠶᠢᠨ ᠭᠡᠮᠵᠢᠶ᠎ᠡ ᠶᠢ ᠪᠦᠳᠦᠮᠵᠢᠳᠠᠢ ᠬᠢᠵᠠᠭᠠᠷᠯᠠᠵᠤ ᠭᠡᠪ ᠤᠨ ᠪᠡᠶ᠎ᠡ ᠶᠢᠨ ᠭᠦᠨᠳᠤ ᠶᠢ ᠪᠠᠳᠤᠯᠠᠵᠤ | ᠴᠢᠳᠠᠨ᠎ᠠ᠃ ᠵᠠᠷᠢᠮ ᠭᠦᠮᠦᠨ ᠤ ᠬᠤᠭᠤᠯᠠᠨ ᠤ ᠳᠤᠷᠠᠰᠢᠯ ᠤᠨ ᠳᠤᠬᠢᠷᠠᠭᠤᠯᠤᠯᠳᠠ ᠰᠡᠷᠭᠡᠭ ᠪᠢᠰᠢ ᠪᠠᠶᠢᠵᠤ᠂ ᠬᠤᠭᠤᠯᠠᠨ ᠤ ᠳᠤᠷᠠᠰᠢᠯ ᠢ ᠬᠠᠩᠭᠠᠬᠤ ᠢᠳᠡᠰᠢ ᠶᠢᠨ | ᠭᠡᠮᠵᠢᠶ᠎ᠡ ᠶᠡᠷᠦ ᠳᠡᠭᠡᠨ ᠪᠤᠳᠠᠳᠤ ᠭᠡᠷᠡᠭᠴᠡᠭᠡ ᠠᠴᠠ ᠳᠠᠪᠠᠵᠤ ᠪᠠᠶᠢᠳᠠᠭ᠃ ᠭᠡᠳᠦᠷᠭᠡᠢ ᠠᠷᠪᠢᠨ ᠡᠨᠧᠷᠬᠢ ᠨᠢ ᠪᠡᠶ᠎ᠡ ᠶᠢᠨ ᠭᠦᠨᠳᠤ ᠶᠢ ᠨᠡᠮᠡᠭᠳᠡᠭᠦᠯᠭᠦ ᠳᠤᠯᠠ ᠴᠠᠭ ᠤᠨ | ᠬᠤᠭᠤᠯᠠ ᠪᠠᠨ ᠭᠡᠳᠦᠷᠭᠡᠢ ᠴᠠᠳᠳᠠᠯ᠎ᠠ ᠢᠳᠡᠵᠤ ᠪᠤᠯᠬᠤ ᠦᠭᠡᠢ᠃ ᠡᠳᠦᠷ ᠪᠦᠷᠢ ᠨᠢᠭᠡ ᠠᠮᠠ ᠢᠯᠡᠭᠦᠦ ᠢᠳᠡᠭᠦ ᠨᠢ ᠴᠠᠭ ᠤᠨ ᠤᠳᠠᠭᠠᠨ ᠳᠤ ᠪᠡᠶ᠎ᠡ ᠶᠢᠨ ᠭᠦᠨᠳᠤ ᠶᠢ | ᠨᠡᠮᠡᠭᠳᠡᠭᠦᠯᠦᠨ᠎ᠡ᠃ ᠡᠶᠢᠮᠦ ᠠᠴᠠ ᠡᠳᠦᠷ ᠳᠤᠳᠤᠮ ᠤᠨ ᠠᠮᠢᠳᠤᠷᠠᠯ ᠳᠤᠮᠳᠠ᠄ ① ᠴᠠᠭ ᠤᠨ ᠬᠤᠭᠤᠯᠠ ᠶᠢ ᠭᠡᠳᠦᠷᠭᠡᠢ ᠴᠠᠳᠳᠠᠯ᠎ᠠ ᠢᠳᠡᠵᠤ ᠪᠤᠯᠬᠤ ᠦᠭᠡᠢ︔ ② | ᠬᠤᠭᠤᠯᠠ ᠪᠤᠳᠠᠭᠠᠨ ᠤ ᠠᠷᠢᠯᠭᠠᠭᠴᠢ ᠪᠠᠶᠢᠵᠤ ᠪᠤᠯᠬᠤ ᠦᠭᠡᠢ︔ ᠵᠠᠷᠢᠮ ᠭᠦᠮᠦᠨ ᠴᠠᠳᠳᠠᠯ᠎ᠠ ᠢᠳᠡᠭᠰᠡᠨ ᠤ ᠪᠠᠨ ᠳᠠᠷᠠᠭ᠎ᠠ ᠪᠠᠰᠠ ᠵᠠᠷᠢᠮ ᠦᠯᠡᠳᠡᠭᠳᠡᠯ ᠬᠤᠭᠤᠯᠠ ᠶᠢ | ᠴᠠᠪᠡᠷᠯᠡᠨ ᠢᠳᠡᠳᠡᠭ᠃ ᠡᠨᠡ ᠨᠢ ᠡᠳᠦᠷ ᠤᠨ ᠤᠳᠠᠭᠠᠨ ᠳᠠᠭᠠᠨ ᠡᠨᠧᠷᠬᠢ ᠶᠢᠨ ᠤᠷᠤᠭᠤᠯᠤᠯᠳᠠ ᠶᠢ ᠨᠡᠮᠡᠭᠳᠡᠭᠦᠯᠦᠨ᠎ᠡ︔ ③ ᠦᠷᠭᠦᠯᠵᠢ ᠭᠠᠳᠠᠨ᠎ᠠ ᠬᠤᠭᠤᠯᠠᠯᠠᠪᠠᠯ | ᠠᠰᠢᠭ ᠦᠭᠡᠢ︔ ④ ᠦᠪᠡᠷ ᠢᠶᠠᠨ ᠦᠢᠯᠡᠴᠢᠯᠡᠳᠡᠭ ᠬᠤᠭᠤᠯᠠ ᠶᠢ ᠭᠡᠳᠦᠷᠡᠳᠡᠯ᠎ᠡ ᠢᠳᠡᠵᠤ ᠪᠤᠯᠬᠤ ᠦᠭᠡᠢ︔ ⑤ ᠰᠠᠷ᠎ᠠ ᠪᠦᠷᠢ ᠨᠢᠭᠡ ᠤᠳᠠᠭ᠎ᠠ ᠪᠡᠶ᠎ᠡ ᠶᠢᠨ | ᠭᠦᠨᠳᠤ ᠪᠠᠨ ᠭᠡᠮᠵᠢᠨᠡ᠃ | ᠪᠡᠶ᠎ᠡ ᠮᠠᠬᠠᠪᠤᠳ ᠤᠨ ᠭᠦᠳᠡᠯᠭᠡᠭᠡᠨ ᠭᠡᠳᠡᠭ ᠪᠤᠯ ᠡᠳᠦᠷ ᠳᠤᠳᠤᠮ ᠤᠨ ᠠᠵᠢᠯ ᠠᠮᠢᠳᠤᠷᠠᠯ᠂ ᠶᠠᠪᠤᠵᠤ ᠰᠠᠭᠤᠬᠤ ᠪᠤᠯᠤᠨ ᠪᠡᠶ᠎ᠡ ᠶᠢᠨ ᠳᠠᠮᠢᠷ ᠤᠨ ᠪᠤᠯᠪᠠᠰᠤᠷᠠᠯ | ᠵᠡᠷᠭᠡ ᠳᠠᠮᠢᠷ ᠪᠠᠷᠠᠬᠤ ᠭᠦᠳᠡᠯᠭᠡᠭᠡᠨ ᠢ ᠭᠡᠯᠡᠨ᠎ᠡ᠃ ᠡᠨᠡ ᠨᠢ ᠳᠠᠮᠢᠷ ᠢ ᠪᠠᠷᠠᠭᠳᠠᠭᠤᠯᠬᠤ ᠶᠢᠨ ᠬᠠᠮᠳᠤ ᠪᠤᠯᠴᠢᠩ ᠢ ᠠᠪᠴᠢᠭᠤᠯᠵᠤ ᠡᠨᠧᠷᠬᠢ ᠶᠢᠨ ᠬᠤᠷᠤᠭᠳᠠᠯ ᠢ | ᠨᠡᠮᠡᠭᠳᠡᠭᠦᠯᠦᠨ᠎ᠡ᠃ ᠡᠶᠢᠮᠦ ᠠᠴᠠ ᠵᠠᠮ ᠶᠠᠪᠤᠬᠤ᠂ ᠳᠤᠭᠤᠢ ᠤᠨᠤᠬᠤ᠂ ᠪᠦᠮᠪᠦᠭᠡ ᠨᠠᠭᠠᠳᠬᠤ᠂ ᠪᠦᠵᠢᠭᠯᠡᠭᠦ᠂ ᠠᠰᠠᠷ ᠤᠨ ᠱᠠᠳᠤ ᠪᠠᠷ ᠳᠡᠭᠡᠭᠰᠢ ᠳᠤᠭᠤᠭᠰᠢ ᠶᠠᠪᠤᠬᠤ᠂ | ᠭᠡᠷ ᠢᠶᠠᠨ ᠴᠡᠪᠡᠷᠯᠡᠭᠦ ᠵᠡᠷᠭᠡ ᠨᠢ ᠪᠦᠷ ᠪᠡᠶ᠎ᠡ ᠮᠠᠬᠠᠪᠤᠳ ᠤᠨ ᠭᠦᠳᠡᠯᠭᠡᠭᠡᠨ ᠤ ᠠᠳᠠᠯᠢ ᠪᠤᠰᠤ ᠭᠡᠯᠪᠡᠷᠢ ᠶᠤᠮ᠃ ᠦᠷᠭᠦᠯᠵᠢ ᠪᠡᠶ᠎ᠡ ᠮᠠᠬᠠᠪᠤᠳ ᠤᠨ ᠭᠦᠳᠡᠯᠭᠡᠭᠡᠨ | ᠦᠷᠨᠢᠭᠦᠯᠭᠦ ᠨᠢ ᠭᠡᠪ ᠤᠨ ᠪᠡᠶ᠎ᠡ ᠶᠢᠨ ᠭᠦᠨᠳᠤ ᠶᠢ ᠪᠠᠳᠤᠯᠠᠬᠤ ᠳᠤ ᠳᠤᠰᠠᠳᠠᠢ ᠪᠠᠷ ᠪᠠᠷᠠᠬᠤ ᠦᠭᠡᠢ ᠤᠯᠠᠨ ᠵᠦᠢᠯ ᠤᠨ ᠤᠳᠠᠭᠠᠨ ᠴᠢᠨᠠᠷᠳᠠᠢ ᠡᠪᠡᠳᠴᠢᠨ ᠢ ᠤᠯᠬᠤ | ᠠᠶᠤᠯ ᠢ ᠪᠠᠭᠠᠰᠬᠠᠨ᠎ᠠ᠃ ᠬᠠᠮᠳᠤ ᠳᠤᠨᠢ ᠰᠡᠳᠬᠢᠯ ᠰᠠᠨᠠᠭᠠᠨ ᠤ ᠳᠤᠭᠳᠠᠪᠤᠷᠢᠳᠠᠢ ᠪᠠᠶᠢᠬᠤ ᠶᠢ ᠳᠤᠬᠢᠷᠠᠭᠤᠯᠵᠤ ᠳᠠᠷᠤᠭᠠᠰᠤ ᠶᠢ ᠠᠷᠢᠯᠭᠠᠨ᠂ ᠵᠤᠪᠠᠨᠢᠬᠤ ᠪᠠ ᠭᠠᠩᠰᠠᠷᠠᠬᠤ | ᠭᠡᠮ ᠢ ᠭᠦᠩᠭᠡᠷᠡᠭᠦᠯᠵᠤ᠂ ᠤᠨᠳᠠᠬᠤ ᠶᠢ ᠰᠠᠶᠢᠵᠢᠷᠠᠭᠤᠯᠤᠨ᠎ᠠ᠃ ᠤᠳᠤᠬᠠᠨ ᠳᠤ ᠮᠠᠨ ᠤ ᠤᠯᠤᠰ ᠤᠨ ᠤᠯᠠᠩᠬᠢ ᠰᠠᠭᠤᠭᠠᠯᠢ ᠠᠷᠠᠳ ᠤᠨ ᠪᠡᠶ᠎ᠡ ᠮᠠᠬᠠᠪᠤᠳ ᠤᠨ | ᠭᠦᠳᠡᠯᠭᠡᠭᠡᠨ ᠭᠦᠢᠴᠡᠳ ᠦᠭᠡᠢ ᠪᠤᠶᠤ ᠳᠠᠮᠢᠷ ᠤᠨ ᠪᠤᠯᠪᠠᠰᠤᠷᠠᠯ ᠢᠶᠠᠷ ᠳᠤᠳᠠᠮᠠᠭ ᠪᠠᠶᠢᠨ᠎ᠠ᠃ ᠤᠳᠠᠭᠠᠨ ᠰᠠᠭᠤᠵᠤ ᠳᠤᠳᠠᠭᠤ ᠭᠦᠳᠡᠯᠭᠦ ᠮᠠᠭᠤ ᠵᠠᠩᠰᠢᠯ ᠢᠶᠠᠨ ᠬᠠᠶᠠᠵᠤ | ᠂ ᠡᠳᠦᠷ ᠪᠤᠯᠭᠠᠨ ᠭᠦᠳᠡᠯᠭᠡᠭᠡᠨ ᠬᠢᠭᠦ ᠳᠠᠳᠬᠠᠯ ᠢ ᠪᠤᠢ ᠪᠤᠯᠭᠠᠨ᠂ ᠡᠨᠧᠷᠬᠢ ᠶᠢ ᠬᠤᠷᠤᠭᠳᠠᠭᠤᠯᠬᠤ ᠭᠦᠳᠡᠯᠭᠡᠭᠡᠨ ᠢ ᠡᠳᠦᠷ ᠪᠦᠷᠢ ᠢᠯᠡᠭᠦᠬᠡᠨ ᠭᠢᠭᠦ ᠶᠢ ᠪᠠᠷᠢᠮᠳᠠᠯᠠᠪᠠᠯ | ᠵᠤᠬᠢᠨ᠎ᠠ᠃ | |