ᠵᠠᠯᠠᠭᠤᠴᠤᠳ ᠪᠠᠭᠠᠴᠤᠳ ᠨᠢᠳᠤ ᠪᠠᠨ ᠭᠡᠷᠡᠭᠯᠡᠭᠦ ᠰᠠᠶᠢᠨ ᠳᠠᠳᠬᠠᠯ ᠲᠠᠢ ᠪᠤᠯᠵᠤ᠂ ᠤᠶᠢᠷ᠎ᠠ ᠬᠠᠷᠠᠭ᠎ᠠ ᠶᠢᠨ ᠡᠭᠦᠰᠭᠦ ᠪᠠ ᠭᠦᠭᠵᠢᠭᠦ ᠠᠴᠠ ᠰᠡᠷᠭᠡᠶᠢᠯᠡᠭᠦ
ᠨᠡᠶᠢᠲᠡᠯᠡᠭᠰᠡᠨ ᠴᠠᠭ᠄
2022/9/27
     ᠡᠷᠡᠭᠦᠯ ᠬᠠᠮᠠᠭᠠᠯᠠᠯ ᠤᠨ ᠶᠠᠮᠤᠨ ᠪᠤᠯᠤᠨ ᠰᠤᠷᠭᠠᠨ ᠭᠦᠮᠦᠵᠢᠯ ᠤᠨ ᠶᠠᠮᠤᠨ ᠤ 2005 ᠤᠨ ᠳᠤ ᠬᠢᠭᠰᠡᠨ ᠨᠢᠭᠡᠨ ᠰᠤᠳᠤᠯᠭᠠᠨ ᠢᠶᠠᠷ᠂ ᠮᠠᠨ ᠤ ᠤᠯᠤᠰ ᠤᠨ ᠪᠠᠭ᠎ᠠ ᠰᠤᠷᠭᠠᠭᠤᠯᠢ ᠶᠢᠨ ᠭᠡᠤᠭᠡᠳ ᠤᠨ ᠤᠶᠢᠷ᠎ᠠ ᠬᠠᠷᠠᠭ᠎ᠠ ᠲᠠᠢ ᠶᠢᠨ ᠨᠤᠷᠮ᠎ᠠ 40% ᠳᠤ ᠭᠦᠷᠴᠤ᠂ ᠳᠤᠮᠳᠠᠳᠤ ᠰᠤᠷᠭᠠᠭᠤᠯᠢ ᠶᠢᠨ ᠭᠡᠤᠭᠡᠳ ᠤᠨ ᠤᠶᠢᠷ᠎ᠠ ᠬᠠᠷᠠᠭ᠎ᠠ ᠲᠠᠢ ᠶᠢᠨ ᠨᠤᠷᠮ᠎ᠠ 70% ᠳᠤ ᠭᠦᠷᠴᠠᠢ᠃ ᠡᠨᠡ ᠨᠢ ᠮᠠᠨ ᠤ ᠤᠯᠤᠰ ᠤᠨ ᠺᠤᠮᠫᠢᠦ᠋ᠲ᠋ᠧᠷ ᠪᠤᠯᠤᠨ ᠲᠧᠯᠸᠢᠰ ᠳᠦᠭᠡᠮᠡᠯᠵᠢᠭᠰᠡᠨ᠂ ᠰᠤᠷᠤᠭᠴᠢ ᠶᠢᠨ ᠳᠠᠷᠤᠭᠠᠰᠤ ᠭᠦᠨᠳᠦᠳᠡᠭᠰᠡᠨ᠂ ᠬᠤᠳᠠᠴᠢᠯᠠᠯᠳᠠ ᠳᠦᠷᠭᠡᠳᠦᠭᠰᠡᠨ ᠵᠡᠷᠭᠡ ᠲᠠᠢ ᠨᠢᠭᠳᠠ ᠬᠤᠯᠪᠤᠭ᠎ᠠ ᠲᠠᠢ ᠭᠡᠵᠤ ᠮᠡᠷᠭᠡᠵᠢᠯᠳᠡᠨ ᠦᠵᠡᠵᠤ ᠪᠤᠢ᠃ ᠡᠶᠢᠮᠦ ᠠᠴᠠ ᠰᠤᠷᠭᠠᠭᠤᠯᠢ᠂ ᠭᠡᠷ ᠪᠦᠯᠢ ᠭᠡᠤᠭᠡᠳ ᠤᠨ ᠬᠠᠷᠠᠭᠠᠨ ᠳᠤ ᠰᠢᠨ᠎ᠠ ᠤᠷᠴᠢᠨ ᠢ ᠪᠦᠷᠢᠯᠳᠦᠭᠦᠯᠦᠨ ᠦᠭᠴᠤ᠂ ᠤᠶᠢᠷ᠎ᠠ ᠬᠠᠷᠠᠭ᠎ᠠ ᠶᠢᠨ ᠡᠭᠦᠰᠭᠦ ᠪᠠ ᠭᠦᠭᠵᠢᠭᠦ ᠠᠴᠠ ᠰᠡᠷᠭᠡᠶᠢᠯᠡᠭᠦ ᠨᠢ ᠴᠢᠬᠤᠯᠠ ᠪᠠᠶᠢᠨ᠎ᠠ᠃      ᠤᠶᠢᠷ᠎ᠠ ᠬᠠᠷᠠᠭ᠎ᠠ ᠲᠠᠢ ᠪᠤᠯᠬᠤ ᠶᠢᠨ ᠭᠤᠤᠯ ᠰᠢᠯᠳᠠᠭᠠᠨ ᠨᠢ ᠳᠦᠷᠦᠯᠬᠢ ᠶᠢᠨ ᠪᠤᠰᠤ ᠤᠷᠴᠢᠨ ᠳᠤᠭᠤᠷᠢᠨ ᠤ ᠡᠯᠧᠮᠧᠨ᠋ᠲ ᠶᠤᠮ᠂ ᠳᠡᠭᠦᠨ ᠠᠴᠠ ᠬᠠᠮᠤᠭ ᠭᠤᠤᠯ ᠨᠢ ᠨᠢᠳᠤ ᠪᠠᠨ ᠳᠤᠬᠢᠷᠠᠮᠵᠢ ᠦᠭᠡᠢ ᠭᠡᠷᠡᠭᠯᠡᠭᠰᠡᠨ ᠳᠤ ᠪᠤᠢ᠃ ᠤᠶᠢᠷ᠎ᠠ ᠵᠠᠢ ᠲᠠᠢ ᠶᠠᠭᠤᠮ᠎ᠠ ᠦᠵᠡᠭᠦ ᠬᠤᠭᠤᠴᠠᠭ᠎ᠠ ᠨᠢ ᠳᠡᠩᠳᠡᠭᠦᠦ ᠤᠷᠳᠤ᠂ ᠭᠡᠷ ᠤᠨ ᠭᠠᠳᠠᠨᠠᠬᠢ ᠭᠦᠳᠡᠯᠭᠡᠭᠡᠨ ᠪᠤᠯᠤᠨ ᠳᠠᠮᠢᠷ ᠤᠨ ᠪᠤᠯᠪᠠᠰᠤᠷᠠᠯ ᠢᠶᠠᠷ ᠳᠤᠳᠠᠮᠠᠭ ᠪᠤᠯᠪᠠᠯ ᠬᠢᠯᠪᠠᠷᠬᠠᠨ ᠤᠶᠢᠷ᠎ᠠ ᠬᠠᠷᠠᠭ᠎ᠠ ᠲᠠᠢ ᠪᠤᠯᠳᠠᠭ᠃ ᠵᠢᠱᠢᠶᠡᠯᠡᠪᠡᠯ ᠪᠢᠴᠢᠵᠤ ᠤᠩᠰᠢᠬᠤ ᠳᠠᠭᠠᠨ ᠳᠡᠩᠳᠡᠭᠦᠦ ᠤᠶᠢᠷᠠᠬᠠᠨ ᠠᠴᠠ ᠬᠠᠷᠠᠪᠠᠯ ᠨᠢᠳᠤᠨ ᠤ ᠳᠤᠬᠢᠷᠠᠭᠤᠯᠭ᠎ᠠ ᠶᠡᠭᠡᠳᠴᠤ᠂ ᠠᠮᠠᠷᠬᠠᠨ ᠶᠠᠳᠠᠷᠠᠳᠠᠭ᠃ ᠭᠡᠪᠳᠡᠭᠡ ᠪᠠᠷ ᠢᠶᠠᠨ ᠨᠤᠮ ᠦᠵᠡᠭᠦ᠂ ᠰᠤᠷᠤᠯᠴᠠᠬᠤ ᠤᠷᠴᠢᠨ ᠳᠡᠩᠳᠡᠭᠦᠦ ᠪᠦᠳᠡᠬᠢ᠂ ᠳᠡᠩᠳᠡᠭᠦᠦ ᠬᠤᠷᠴᠠ ᠭᠡᠷᠡᠯ᠂ ᠢᠯᠠᠩᠭᠤᠶ᠎ᠠ ᠨᠠᠷᠠᠨ ᠤ ᠰᠢᠭᠤᠳ ᠳᠤᠰᠤᠯᠳᠠ ᠳᠤᠤᠷ᠎ᠠ ᠨᠤᠮ ᠦᠵᠡᠭᠦ᠂ ᠤᠷᠳᠤ ᠬᠤᠭᠤᠴᠠᠭ᠎ᠠ ᠵᠦᠪ ᠪᠤᠰᠤ ᠪᠠᠷ ᠲᠧᠯᠸᠢᠰ ᠦᠵᠡᠭᠦ᠂ ᠺᠤᠮᠫᠢᠦ᠋ᠲ᠋ᠧᠷ ᠳᠡᠭᠡᠷ᠎ᠡ ᠳᠡᠩᠳᠡᠭᠦᠦ ᠤᠷᠳᠤ ᠬᠤᠭᠤᠴᠠᠭ᠎ᠠ ᠰᠠᠭᠤᠬᠤ ᠵᠡᠷᠭᠡ ᠨᠢ ᠴᠦᠮ ᠨᠢᠳᠤ ᠶᠢ ᠶᠡᠭᠡ ᠶᠠᠳᠠᠷᠠᠭᠠᠳᠠᠭ᠃     ᠰᠤᠷᠤᠭᠴᠢ ᠶᠡᠭᠡᠩᠭᠡᠢ ᠴᠠᠭ ᠢᠶᠠᠨ ᠬᠢᠴᠢᠶᠡᠯ ᠤᠨ ᠭᠡᠷ ᠲᠡᠭᠡᠨ ᠦᠩᠭᠡᠷᠡᠭᠡᠳᠡᠭ᠃ ᠤᠯᠤᠰ ᠤᠨ ︽ᠳᠤᠮᠳᠠᠳᠤ ᠪᠠᠭ᠎ᠠ ᠰᠤᠷᠭᠠᠭᠤᠯᠢ ᠶᠢᠨ ᠬᠢᠴᠢᠶᠡᠯ ᠤᠨ ᠭᠡᠷ ᠤᠨ ᠭᠡᠷᠡᠯ ᠤᠷᠤᠭᠤᠯᠬᠤ ᠪᠠ ᠭᠡᠷᠡᠯᠳᠦᠭᠦᠯᠭᠡ ᠶᠢᠨ ᠡᠷᠡᠭᠦᠯ ᠬᠠᠮᠠᠭᠠᠯᠠᠯ ᠤᠨ ᠪᠠᠷᠢᠮᠵᠢᠶ᠎ᠠ︾ ᠶᠢ ᠦᠨᠳᠦᠰᠦᠯᠡᠪᠡᠯ᠂ ᠬᠢᠴᠢᠶᠡᠯ ᠤᠨ ᠭᠡᠷ ᠤᠨ ᠭᠡᠷᠡᠯ ᠤᠷᠤᠭᠤᠯᠬᠤ ᠪᠠ ᠭᠡᠷᠡᠯᠳᠦᠭᠦᠯᠭᠡ ᠶᠢ ᠰᠠᠶᠢᠵᠢᠷᠠᠭᠤᠯᠬᠤ ᠪᠤᠯ ᠤᠶᠢᠷ᠎ᠠ ᠬᠠᠷᠠᠭ᠎ᠠ ᠶᠢ ᠰᠡᠷᠭᠡᠶᠢᠯᠡᠭᠦ ᠴᠢᠬᠤᠯᠠ ᠨᠦᠭᠦᠴᠡᠯ ᠪᠤᠯᠤᠨ᠎ᠠ᠃ ᠨᠢᠳᠤ ᠪᠠᠨ ᠭᠡᠷᠡᠭᠯᠡᠭᠦ ᠰᠠᠶᠢᠨ ᠳᠠᠳᠬᠠᠯ ᠢ ᠪᠤᠢ ᠪᠤᠯᠭᠠᠬᠤ᠂ ᠰᠤᠷᠤᠯᠭ᠎ᠠ ᠶᠢᠨ ᠳᠠᠷᠤᠭᠠᠰᠤ ᠶᠢ ᠭᠦᠩᠭᠡᠯᠡᠭᠦ᠂ ᠰᠤᠷᠤᠯᠴᠠᠯᠭ᠎ᠠ ᠳᠤ ᠨᠢᠳᠤ ᠪᠠᠨ ᠭᠡᠷᠡᠭᠯᠡᠭᠦ ᠬᠤᠭᠤᠴᠠᠭ᠎ᠠ ᠶᠢ ᠪᠤᠭᠤᠨᠢᠰᠬᠠᠬᠤ ᠨᠢ ᠬᠠᠷᠠᠭ᠎ᠠ ᠪᠠᠨ ᠬᠠᠮᠠᠭᠠᠯᠠᠬᠤ ᠭᠦᠴᠦᠳᠠᠢ ᠠᠷᠭ᠎ᠠ ᠶᠤᠮ᠃ ᠵᠢᠱᠢᠶᠡᠯᠡᠪᠡᠯ ᠤᠩᠰᠢᠵᠤ ᠪᠢᠴᠢᠭᠦ ᠳᠡᠭᠡᠨ ᠳᠦᠪ ᠰᠠᠭᠤᠨ᠂ ᠳᠤᠯᠤᠭᠠᠢ ᠪᠠᠨ ᠳᠠᠯᠵᠢᠯᠭᠠᠬᠤ ᠪᠤᠶᠤ ᠭᠡᠪᠳᠡᠭᠡ ᠪᠠᠷ ᠤᠩᠰᠢᠵᠤ ᠪᠢᠴᠢᠭᠦ ᠦᠭᠡᠢ᠂ ᠨᠡᠩ ᠴᠦ ᠪᠦᠳᠡᠬᠢ ᠭᠠᠵᠠᠷ ᠪᠤᠶᠤ ᠳᠡᠷᠭᠡᠨ ᠳᠡᠭᠡᠷ᠎ᠡ ᠶᠠᠪᠤᠵᠤ ᠪᠠᠶᠢᠭᠠᠳ ᠨᠤᠮ ᠦᠵᠡᠭᠦ ᠦᠭᠡᠢ᠂ ᠶᠠᠪᠤᠭ᠎ᠠ ᠪᠠᠷ ᠢᠶᠠᠨ ᠨᠤᠮ ᠦᠵᠡᠭᠦ ᠦᠭᠡᠢ᠂ ᠵᠠᠯᠭᠠᠭ᠎ᠠ ᠪᠢᠴᠢᠵᠤ ᠤᠩᠰᠢᠬᠤ ᠬᠤᠭᠤᠴᠠᠭ᠎ᠠ ᠶᠢ 50 ᠮᠢᠨᠦ᠋ᠲ ᠠᠴᠠ ᠭᠡᠳᠦᠷᠡᠭᠦᠯᠭᠦ ᠦᠭᠡᠢ ᠪᠠᠶᠢᠬᠤ︔ ᠰᠤᠷᠤᠭᠴᠢ ᠭᠦᠮᠦᠨ ᠨᠢᠳᠤᠨ ᠤ ᠳᠠᠮᠢᠷ ᠢ ᠪᠠᠷᠢᠮᠳᠠᠯᠠᠨ ᠬᠢᠵᠤ ᠠᠮᠤᠰᠬᠢᠭᠦ ᠶᠢ ᠬᠢᠴᠢᠶᠡᠭᠦ᠂ ᠵᠢᠱᠢᠶᠡᠯᠡᠪᠡᠯ ᠨᠢᠳᠤ ᠪᠠᠨ ᠠᠨᠢᠵᠤ ᠰᠡᠳᠬᠢᠯ ᠢᠶᠠᠨ ᠠᠮᠠᠷᠠᠭᠠᠬᠤ᠂ ᠴᠤᠩᠬᠤ ᠪᠠᠷ ᠬᠤᠯᠠ ᠶᠢ ᠬᠠᠷᠠᠬᠤ᠂ ᠭᠠᠳᠠᠨ᠎ᠠ ᠭᠠᠷᠴᠤ ᠳᠠᠮᠢᠷ ᠤᠨ ᠭᠦᠳᠡᠯᠭᠡᠭᠡᠨ ᠳᠤ ᠢᠯᠡᠭᠦᠦ ᠤᠷᠤᠯᠴᠠᠬᠤ ᠵᠡᠷᠭᠡ ᠨᠢ ᠨᠢᠳᠦᠨ ᠤ ᠶᠠᠳᠠᠷᠠᠭ᠎ᠠ ᠶᠢ ᠳᠠᠶᠢᠯᠳᠠᠭ᠃ ᠲᠧᠯᠸᠢᠰ ᠦᠵᠡᠭᠦ᠂ ᠺᠤᠮᠫᠢᠦ᠋ᠲ᠋ᠧᠷ ᠢᠶᠠᠷ ᠠᠵᠢᠯᠯᠠᠬᠤ᠂ ᠳᠤᠭᠯᠠᠭᠠᠮ ᠤᠨ ᠮᠠᠰᠢᠨ ᠢᠶᠠᠷ ᠨᠠᠭᠠᠳᠬᠤ ᠴᠠᠭ ᠢ ᠵᠤᠬᠢᠬᠤ ᠭᠡᠮᠵᠢᠶ᠎ᠡ ᠪᠠᠷ ᠬᠢᠵᠠᠭᠠᠷᠯᠠᠪᠠᠯ ᠰᠠᠶᠢᠨ᠃ 1 ᠴᠠᠭ ᠲᠧᠯᠸᠢᠰ ᠦᠵᠡᠭᠡᠳ 10 ᠮᠢᠨᠦ᠋ᠲ ᠠᠮᠠᠷᠠᠪᠠᠯ ᠵᠤᠬᠢᠨ᠎ᠠ᠂ ᠺᠤᠮᠫᠢᠦ᠋ᠲ᠋ᠧᠷ ᠢᠶᠠᠷ ᠠᠵᠢᠯᠯᠠᠬᠤ ᠳᠠᠭᠠᠨ ᠴᠦ ᠠᠳᠠᠯᠢ᠃     ᠤᠩᠰᠢᠵᠤ ᠪᠢᠴᠢᠭᠦ ᠳᠡᠭᠡᠨ ᠪᠡᠶ᠎ᠡ ᠪᠠᠨ ᠡᠪᠳᠠᠢ ᠪᠠᠶᠢᠯᠭᠠᠬᠤ ᠭᠡᠷᠡᠭᠳᠠᠢ᠃ ᠳᠤᠯᠤᠭᠠᠢ ᠪᠠᠨ ᠳᠠᠯᠵᠠᠶᠢᠯᠭᠠᠬᠤ ᠦᠭᠡᠢ᠂ ᠬᠤᠶᠠᠷ ᠬᠠᠷᠠᠭ᠎ᠠ ᠪᠠᠨ ᠳᠡᠭᠰᠢᠬᠡᠨ ᠬᠠᠷᠠᠵᠤ᠂ ᠬᠤᠶᠠᠷ ᠮᠦᠷᠦ ᠪᠠᠨ ᠳᠡᠭᠰᠢ ᠪᠠᠶᠢᠯᠭᠠᠨ᠂ ᠨᠢᠳᠤ ᠨᠤᠮ ᠬᠤᠶᠠᠷ ᠤᠨ ᠵᠠᠢ ᠶᠢ ᠨᠢᠭᠡ ᠳᠤᠬᠤᠢ ︵ᠪᠠᠷᠤᠭ 33 ᠰᠡᠨᠲ᠋ᠢᠮᠧᠳ᠋ᠷ︶ ᠪᠠᠶᠢᠯᠭᠠᠨ᠎ᠠ᠃ ᠪᠢᠷ ᠤᠨ ᠦᠵᠦᠭᠦᠷ ᠠᠴᠠ ᠨᠢᠭᠡ ᠢᠮᠠᠬᠤ ︵ᠪᠠᠷᠤᠭ 3 ᠰᠡᠨᠲ᠋ᠢᠮᠧᠳ᠋ᠷ︶ ᠤᠨ ᠵᠠᠢ ᠲᠠᠢ ᠬᠢᠷᠢ ᠠᠴᠠ ᠪᠢᠷ ᠢᠶᠠᠨ ᠪᠠᠷᠢᠬᠤ᠂ ᠴᠡᠭᠡᠵᠢ ᠪᠠᠨ ᠰᠢᠷᠡᠭᠡᠨ ᠠᠴᠠ ᠨᠢᠭᠡ ᠨᠢᠳᠤᠷᠭ᠎ᠠ ᠵᠠᠢ ᠲᠠᠢ ᠪᠠᠶᠢᠯᠭᠠᠨ᠎ᠠ᠃      ᠭᠡᠷᠪᠡ ᠤᠶᠢᠷ᠎ᠠ ᠬᠠᠷᠠᠭ᠎ᠠ ᠲᠠᠢ ᠪᠤᠯᠪᠠᠯ ᠳᠦᠷᠢᠮᠵᠢᠭᠰᠡᠨ ᠡᠮᠨᠡᠯᠭᠡ ᠶᠢᠨ ᠨᠢᠳᠤᠨ ᠤ ᠰᠠᠯᠠᠭ᠎ᠠ ᠳᠤ ᠦᠵᠡᠭᠦᠯᠵᠤ ᠨᠢᠳᠤᠨ ᠤ ᠰᠢᠯ ᠳᠠᠭᠠᠷᠠᠭᠤᠯᠤᠭᠠᠷᠠᠢ᠃ ᠨᠢᠳᠤᠨ ᠤ ᠰᠢᠯ ᠳᠠᠭᠠᠷᠠᠭᠤᠯᠬᠤ ᠠᠴᠠ ᠡᠮᠦᠨ᠎ᠡ ᠭᠡᠤᠭᠡᠨ ᠬᠠᠷᠠᠭ᠎ᠠ ᠳᠤᠮᠤᠷᠠᠭᠤᠯᠬᠤ ᠬᠠᠷᠠᠭ᠎ᠠ ᠶᠢᠨ ᠰᠢᠯᠭᠠᠯᠳᠠ ᠬᠢᠯᠭᠡᠨ᠂ ᠤᠶᠢᠷ᠎ᠠ ᠬᠠᠷᠠᠭ᠎ᠠ ᠪᠤᠯᠤᠨ ᠬᠠᠷᠠᠭ᠎ᠠ ᠶᠢᠨ ᠰᠠᠷᠨᠢᠯ ᠤᠨ ᠤᠨᠤᠴᠠᠳᠠᠢ ᠭᠷᠠᠳᠦ᠋ᠰ ᠢ ᠮᠡᠳᠡᠭᠦ ᠴᠢᠬᠤᠯᠠᠳᠠᠢ᠃ ᠰᠢᠯ ᠳᠠᠭᠠᠷᠠᠭᠤᠯᠵᠤ ᠵᠡᠭᠦᠭᠰᠡᠨ ᠤ ᠳᠠᠷᠠᠭ᠎ᠠ ᠳᠤᠭᠳᠠᠮᠠᠯ ᠬᠤᠭᠤᠴᠠᠭ᠎ᠠ ᠲᠠᠢ ᠬᠠᠷᠠᠭ᠎ᠠ ᠪᠠᠨ ᠰᠢᠯᠭᠠᠭᠤᠯᠤᠨ᠎ᠠ᠃ ᠰᠢᠯ ᠵᠡᠭᠦᠭᠰᠡᠨ ᠤ ᠳᠠᠷᠠᠭ᠎ᠠ ᠶᠡᠭᠡᠪᠴᠢᠯᠡᠨ ᠬᠠᠭᠠᠰ ᠵᠢᠯ ᠪᠤᠯᠬᠤ ᠪᠦᠷᠢ ᠬᠠᠷᠠᠭ᠎ᠠ ᠪᠠᠨ ᠨᠢᠭᠡ ᠰᠢᠯᠭᠠᠭᠤᠯᠵᠤ᠂ 1-2 ᠵᠢᠯ ᠪᠤᠯᠬᠤ ᠪᠦᠷᠢ ᠤᠶᠢᠷ᠎ᠠ ᠬᠠᠷᠠᠭ᠎ᠠ ᠶᠢᠨ ᠭᠡᠮᠵᠢᠶ᠎ᠡ ᠶᠢ ᠰᠢᠯᠭᠠᠭᠤᠯᠤᠨ᠎ᠠ᠃ ᠭᠡᠷᠪᠡ ᠬᠠᠷᠠᠭ᠎ᠠ ᠦᠷᠭᠦᠯᠵᠢᠯᠡᠨ ᠮᠠᠭᠤᠳᠠᠵᠤ ᠪᠠᠶᠢᠪᠠᠯ ᠭᠷᠠᠳᠦ᠋ᠰ ᠢ ᠨᠢ ᠰᠢᠨ᠎ᠡ ᠪᠠᠷ ᠳᠤᠬᠢᠷᠠᠭᠤᠯᠤᠨ ᠰᠢᠯ ᠰᠤᠯᠢᠵᠤ ᠳᠠᠭᠠᠷᠠᠭᠤᠯᠪᠠᠯ ᠵᠤᠬᠢᠨ᠎ᠠ᠃    
ᠢᠷᠡᠯᠲᠡ᠄ ᠡᠷᠡᠭᠦᠯ ᠮᠡᠨᠳᠦ ᠶᠢᠨ ᠶᠡᠷᠦ ᠶᠢᠨ ᠮᠡᠳᠡᠯᠭᠡ