ᠨᠠᠰᠤᠵᠢᠯ ᠤᠨ ᠠᠰᠠᠷᠠᠮᠵᠢ ᠶᠢᠨ ᠮᠥᠩᠭᠦ ᠪᠠᠰᠠ ᠰᠢᠨ᠎ᠡ ᠬᠤᠪᠢᠷᠠᠯᠲᠠ ᠲᠠᠢ ᠪᠣᠯᠪᠠ︕
ᠨᠡᠶᠢᠲᠡᠯᠡᠭᠰᠡᠨ ᠴᠠᠭ᠄
2022/9/22
      ᠣᠶᠢᠷ᠎ᠠ ᠳᠤ᠂ 2022  ᠣᠨ ᠤ  ᠨᠠᠰᠤᠵᠢᠯ ᠤᠨ  ᠠᠰᠠᠷᠠᠮᠵᠢ ᠶᠢᠨ  ᠮᠥᠩᠭᠦ ᠶᠢ  ᠪᠤᠳᠤᠵᠤ  ᠣᠯᠭᠤᠬᠤ  ᠰᠠᠭᠤᠷᠢ ᠲᠤᠭ᠎ᠠ ᠶᠢ ᠬᠤᠶᠢᠨ᠎ᠠ ᠬᠤᠶᠢᠨ᠎ᠠ ᠠᠴᠠ ᠪᠠᠨ ᠨᠡᠶᠢᠲᠡᠯᠡᠪᠡ᠂ ᠡᠨᠡ ᠬᠦ ᠲᠤᠭ᠎ᠠ  ᠪᠠᠷᠢᠮᠲᠠ ᠶᠢ  ᠨᠡᠶᠢᠲᠡᠯᠡᠭᠰᠡᠨ ᠤ  ᠳᠠᠷᠠᠭ᠎ᠠ᠂  ᠬᠡᠰᠡᠭ‌‍ᠬᠥ᠋ᠮᠦᠰ ᠤᠨ ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠳᠠᠭᠢᠵᠤ  ᠪᠤᠲᠤᠬᠤ  ᠴᠢᠬᠤᠯᠠᠲᠠᠢ  ᠮᠦᠷᠲᠡᠭᠡᠨ  ᠬᠤᠪᠢᠷᠠᠯᠲᠠ  ᠠᠷᠪᠢᠨ‌‍ᠪᠣᠯᠣᠭᠰᠠᠨ ᠪᠠᠶᠢᠨ᠎ᠠ᠂ ᠡᠨᠡ ᠨᠢ ᠶᠠᠮᠠᠷ ᠤᠴᠢᠷ ᠪᠣᠶ︖               ᠣᠯᠠᠨ ᠭᠠᠵᠠᠷ ᠤᠨ ᠬᠢᠨ 2022 ᠣᠨ ᠤ ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠪᠤᠳᠤᠵᠤ ᠣᠯᠭᠤᠬᠤ ᠰᠠᠭᠤᠷᠢ ᠲᠤᠭ᠎ᠠ ᠶᠢ ᠨᠡᠶᠢᠲᠡᠯᠡᠪᠡ               ᠳᠤᠮᠳᠠᠳᠤ ᠣᠯᠣᠰ ᠤᠨ ᠰᠤᠨᠢᠨ ᠮᠡᠳᠡᠭᠡᠨ ᠤ ᠡᠳ᠋ ᠤᠨ  ᠵᠠᠰᠠᠭ  ᠠᠵᠤ  ᠠᠬᠤᠶ ᠶᠢᠨ  ᠪᠦᠷᠢᠨ  ᠪᠤᠰᠤ  ᠪᠦᠷᠢᠳᠬᠡᠯ ᠢ ᠦᠨᠳᠦᠰᠦᠯᠡᠪᠡᠯ᠂ ᠣᠶᠢᠷ᠎ᠠ ᠳᠤ᠂ ᠪᠡᠭᠡᠵᠢᠩ᠂  ᠲᠢᠶᠠᠨᠵᠢᠨ᠂ ᠱᠠᠨᠳᠦ᠋ᠩ᠂ ᠭᠤᠸᠠᠩᠰᠢ᠂ ᠭᠢᠷᠢᠨ ᠵᠡᠷᠭᠡ ᠭᠠᠵᠠᠷ ᠤᠨ ᠬᠢᠨ 2022ᠣᠨ ᠤ ᠨᠠᠰᠤᠵᠢᠯ ᠤᠨ ᠠᠰᠠᠷᠠᠮᠵᠢ ᠶᠢᠨ ᠮᠥᠩᠭᠦ ᠶᠢ  ᠪᠤᠳᠤᠵᠤ  ᠣᠯᠭᠤᠬᠤ  ᠰᠠᠭᠤᠷᠢ  ᠲᠤᠭ᠎ᠠ ᠪᠠᠨ ᠨᠡᠶᠢᠲᠡᠯᠡᠪᠡ᠃  ᠡᠭᠦᠨ ᠳᠤ᠂ ᠪᠡᠭᠡᠵᠢᠩ ᠤᠨ 2022 ᠣᠨ ᠤ ᠪᠤᠳᠤᠭᠰᠠᠨ ᠰᠠᠭᠤᠷᠢ ᠲᠤᠭ᠎ᠠ ᠨᠢ  ᠰᠠᠷ᠎ᠠ  ᠪᠦᠷᠢ  11082  ᠲᠥᠭᠦᠷᠢᠭ᠂  ᠲᠢᠶᠠᠨᠵᠢᠨ ᠤ2022 ᠣᠨ ᠤ ᠦᠨᠳᠦᠰᠦᠨ ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠪᠤᠳᠤᠵᠤ ᠣᠯᠭᠤᠬᠤ ᠰᠠᠭᠤᠷᠢ ᠲᠤᠭ᠎ᠠ ᠨᠢ 8672ᠲᠥᠭᠦᠷᠢᠭ᠂ ᠭᠤᠸᠠᠩᠰᠢ ᠶᠢᠨ 2022  ᠣᠨ ᠤ  ᠠᠵᠢᠯᠲᠠᠨ  ᠠᠵᠢᠯᠴᠢᠨ ᠤ  ᠦᠨᠳᠦᠰᠦᠨ  ᠨᠠᠰᠤᠵᠢᠯ ᠤᠨ  ᠠᠰᠠᠷᠠᠮᠵᠢ ᠵᠢᠨ‌‍ᠲ᠋ᠠᠭᠠᠳᠬᠠᠯ ᠤᠨ ᠤᠯᠭᠤᠮᠵᠢ ᠶᠢ ᠪᠤᠳᠤᠵᠤ ᠣᠯᠭᠤᠬᠤ ᠰᠠᠭᠤᠷᠢ ᠲᠤᠭ᠎ᠠ ᠨᠢ  ᠰᠠᠷ᠎ᠠ  ᠪᠦᠷᠢ  6442  ᠲᠥᠭᠦᠷᠢᠭ  ᠪᠣᠯᠤᠨ᠎ᠠ᠃ ᠱᠠᠨᠳᠦ᠋ᠩ  ᠮᠤᠵᠢ ᠶᠢᠨ  2022  ᠣᠨ ᠤ  ᠠᠯᠪᠠᠨ  ᠪᠠᠶᠢᠭᠤᠯᠭ᠎ᠠ  ᠠᠵᠢᠯ  ᠣᠶᠢᠯᠡᠰ ᠤᠨ  ᠨᠢᠭᠡᠴᠡ ᠶᠢᠨ   ᠨᠠᠰᠤᠵᠢᠯ ᠤᠨ ᠠᠰᠠᠷᠠᠮᠵᠢ ᠶᠢᠨ ᠳᠠᠭᠠᠳᠬᠠᠯ ᠨᠢ ᠾᠧ ᠽᠧ ᠬᠤᠲᠠ ᠶᠢ  ᠭᠠᠷᠭᠠᠪᠠᠯ 15  ᠬᠤᠲᠠ ᠶᠢᠨ  ᠠᠵᠤ  ᠠᠬᠤᠶᠢᠯᠠᠯ ᠤᠨ  ᠨᠠᠰᠤᠵᠢᠯ ᠤᠨ ᠠᠰᠠᠷᠠᠮᠵᠢ ᠶᠢᠨ ᠦᠨᠳᠦᠰᠦᠨ ᠳᠠᠭᠠᠳᠬᠠᠯ ᠤᠨ ᠮᠥᠩᠭᠦ ᠶᠢ ᠰᠠᠷ᠎ᠠ ᠶᠢᠨ ᠲᠤᠭ᠎ᠠ ᠪᠠᠷ ᠪᠤᠳᠤᠵᠤ  ᠣᠯᠭᠤᠬᠤ  ᠰᠠᠭᠤᠷᠢ  ᠲᠤᠭ᠎ᠠ ᠶᠢ 7182.5 ᠲᠥᠭᠦᠷᠢᠭ ᠢᠶᠠᠷ ᠬᠡᠷᠡᠭᠵᠢᠭᠦᠯᠵᠦ ᠪᠠᠶᠢᠪᠠ᠃ ᠭᠢᠷᠢᠨ ᠪᠠᠰᠠ 2022 ᠣᠨ ᠤ ᠠᠵᠤ  ᠠᠬᠤᠶᠢᠯᠠᠯ ᠤᠨ  ᠠᠵᠢᠯᠲᠠᠨ‌ᠠᠵᠢᠯᠴᠢᠨ ᠤ ᠦᠨᠳᠦᠰᠦᠨ ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠪᠤᠳᠤᠵᠤ ᠣᠯᠭᠤᠬᠤ ᠰᠠᠭᠤᠷᠢ ᠲᠤᠭ᠎ᠠ ᠶᠢ  ᠨᠡᠶᠢᠲᠡᠯᠡᠵᠦ᠂ ᠠᠵᠤ ᠠᠬᠤᠶᠢᠯᠠᠯ ᠤᠨ ᠠᠵᠢᠯᠲᠠᠨ ᠠᠵᠢᠯᠴᠢᠨ ᠤ  ᠨᠠᠰᠤᠨ ᠤ  ᠠᠮᠠᠷᠠᠯᠲᠠ ᠪᠠᠨ  ᠠᠪᠤᠭᠰᠠᠳ ᠤᠨ  ᠦᠨᠳᠦᠰᠦᠨ  ᠨᠠᠰᠤᠵᠢᠯ ‍ᠤᠨ‌ᠠᠰᠠᠷᠠᠮᠵᠢ ᠶᠢᠨ ᠮᠥᠩᠭᠦ ᠶᠢ ᠪᠤᠳᠤᠵᠤ ᠣᠯᠭᠤᠬᠤ ᠳᠤ ᠬᠡᠷᠡᠭᠯᠡᠪᠡ᠃ ᠳᠤᠮᠳᠠᠳᠤ ᠣᠯᠣᠰ ᠤᠨ ᠰᠤᠨᠢᠨ ᠮᠡᠳᠡᠭᠡᠨ ᠤ ᠡᠳ᠋ ᠤᠨ ᠵᠠᠰᠠᠭ‌ᠠᠵᠤ ᠠᠬᠤᠶ ᠶᠢᠨ ᠬᠢᠨ 2022 ᠣᠨ ᠤ ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠪᠤᠳᠤᠵᠤ ᠣᠯᠭᠤᠬᠤ ᠰᠠᠭᠤᠷᠢ ᠲᠤᠭ᠎ᠠ ᠨᠢ2021 ᠣᠨ ᠤ ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠪᠤᠳᠤᠵᠤ  ᠣᠯᠭᠤᠬᠤ  ᠰᠠᠭᠤᠷᠢ  ᠲᠤᠭ᠎ᠠ ᠠᠴᠠ  ᠨᠡᠶᠢᠳᠡᠮ ᠳ᠋ᠡᠭᠡᠨ‌ᠡᠳᠦᠶ ᠲᠡᠳᠦᠶ ᠳᠡᠭᠡᠭᠰᠢᠯᠡᠭᠰᠡᠨ ᠢ ᠣᠯᠵᠤ ᠮᠡᠳᠡᠵᠡᠶ᠃               ᠡᠳᠡᠭᠡᠷ ᠬᠥᠮᠦᠰ ᠤᠨ ᠨᠠᠰᠤᠵᠢᠯ ᠤᠨ ᠠᠰᠠᠷᠠᠮᠵᠢ ᠶᠢᠨ ᠮᠥᠩᠭᠦ  ᠪᠠᠨ ᠳᠠᠬᠢᠨ ᠪᠤᠳᠤᠪᠠᠯ ᠠᠷᠪᠢᠨ ᠪᠣᠯᠤᠨ᠎ᠠ             ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠪᠤᠳᠤᠵᠤ ᠣᠯᠭᠤᠬᠤ ᠰᠠᠭᠤᠷᠢ ᠲᠤᠭ᠎ᠠ  ᠪᠣᠯ  ᠨᠠᠰᠤᠨ ᠤ  ᠠᠮᠠᠷᠠᠯᠲᠠ ᠪᠠᠨ ᠠᠪᠤᠭᠰᠠᠳ  ᠤᠨ ᠦᠨᠳᠦᠰᠦᠨ ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠲᠣᠭᠲᠠᠭᠠᠬᠤ ᠴᠢᠬᠤᠯᠠ ᠲᠤᠭ᠎ᠠ ᠪᠠᠷᠢᠮᠲᠠ  ᠮᠥᠨ᠃2022 ᠣᠨ ᠤ ᠨᠠᠰᠤᠨ ᠤ ᠠᠮᠠᠷᠠᠯᠲᠠ ᠪᠠᠨ  ᠠᠪᠤᠭᠰᠠᠳ ᠲᠤ  ᠨᠠᠰᠤᠵᠢᠯ ᠤᠨ  ᠠᠰᠠᠷᠠᠮᠵᠢ ᠶᠢᠨ  ᠮᠥᠩᠭᠦ  ᠣᠯᠭᠤᠬᠤ ᠳᠠᠭᠠᠨ2022 ᠣᠨ ᠤ ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠪᠤᠳᠤᠵᠤ ᠣᠯᠭᠤᠬᠤ ᠰᠠᠭᠤᠷᠢ ᠲᠤᠭ᠎ᠠ ᠶᠢ ᠬᠡᠷᠡᠭᠯᠡᠨ᠎ᠡ᠃ 2022ᠣᠨ ᠳᠤ ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠪᠤᠳᠤᠵᠤ ᠣᠯᠭᠤᠬᠤ ᠰᠠᠭᠤᠷᠢ ᠲᠤᠭ᠎ᠠ ᠶᠢ ᠨᠡᠶᠢᠲᠡᠯᠡᠭᠰᠡᠨ ᠤ ᠳᠠᠷᠠᠭ᠎ᠠ ᠠᠵᠢᠯ‌‍ᠤᠨ ᠠᠮᠠᠷᠠᠯᠲᠠ ᠪᠠᠨ ᠠᠪᠤᠭᠰᠠᠨ ᠬᠥᠮᠦᠰ ᠲᠤ᠂ 2022 ᠣᠨ ᠳᠤ ᠨᠠᠰᠤᠵᠢᠯ ᠤᠨ  ᠦᠨᠳᠦᠰᠦᠨ  ᠠᠰᠠᠷᠠᠮᠵᠢ ᠶᠢᠨ  ᠮᠥᠩᠭᠦ ᠶᠢ ᠪᠤᠳᠤᠵᠤ ᠣᠯᠭᠤᠬᠤ ᠰᠠᠭᠤᠷᠢ ᠲᠤᠭ᠎ᠠ ᠪᠠᠷ ᠰᠢᠭᠤᠳ  ᠬᠢᠨᠠᠨ  ᠲᠣᠭᠲᠠᠭᠠᠨ᠎ᠠ᠃  2022  ᠣᠨ ᠤ  1  ᠰᠠᠷ᠎ᠠ ᠶᠢᠨ  1 ᠤ ᠡᠳᠦᠷ ᠠᠴᠠ ᠰᠢᠨ᠎ᠡ ᠰᠠᠭᠤᠷᠢ ᠲᠤᠭ᠎ᠠ ᠨᠡᠶᠢᠲᠡᠯᠡᠭᠳᠡᠭᠰᠡᠨ ᠬᠤᠭᠤᠴᠠᠭᠠᠨ ᠳᠠᠬᠢ  ᠠᠵᠢᠯ  ᠤᠨ  ᠠᠮᠠᠷᠠᠯᠲᠠ ᠪᠠᠨ  ᠠᠪᠤᠭᠰᠠᠳ ‍ᠤᠨ‌ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠰᠢᠨ᠎ᠡ ᠰᠠᠭᠤᠷᠢ ᠲᠤᠭ᠎ᠠ ᠪᠠᠷ ᠳᠠᠭᠢᠵᠤ  ᠪᠤᠳᠤᠨ᠎ᠠ᠃  ᠤᠴᠢᠷ ᠨᠢ  ᠰᠢᠨ᠎ᠡ  ᠰᠠᠭᠤᠷᠢ ᠲᠤᠭ᠎ᠠ ᠶᠢ ᠨᠡᠶᠢᠲᠡᠯᠡᠬᠦ ᠠᠴᠠ ᠡᠮᠦᠨ᠎ᠡ᠂ ᠲᠡᠳᠡᠨ ᠤ ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠳᠡᠭᠡᠷ᠎ᠡ  ᠵᠢᠯ ᠤᠨ  ᠨᠠᠰᠤᠵᠢᠯ ‍ᠤᠨ‌ᠠᠰᠠᠷᠠᠮᠵᠢ ᠶᠢᠨ ᠮᠥᠩᠭᠦ ᠣᠯᠭᠤᠬᠤ ᠰᠠᠭᠤᠷᠢ ᠲᠤᠭ᠎ᠠ ᠪᠠᠷ ᠲᠦᠷ  ᠪᠤᠳᠤᠨ᠎ᠠ᠃  ᠲᠢᠶᠠᠨᠵᠢᠨ ᠤ  ᠬᠥᠮᠦᠨ ᠤ  ᠬᠦᠴᠦᠨ ᠤ  ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ ᠢᠯᠡᠷᠬᠡᠶᠢᠯᠡᠬᠦ ᠳᠡᠭᠡᠨ᠂ 2022 ᠣᠨ ᠤ 1ᠰᠠᠷ᠎ᠠ ᠠᠴᠠ ᠨᠠᠰᠢ ᠨᠢᠭᠡᠨᠲᠡ‌ᠠᠵᠢᠯ ᠤᠨ ᠠᠮᠠᠷᠠᠯᠲᠠ ᠪᠠᠨ  ᠠᠪᠬᠤ  ᠭᠠᠷ  ᠬᠦᠢᠴᠡᠳᠬᠡᠯ  ᠬᠢᠭᠰᠡᠨ  ᠬᠥᠮᠦᠰ  ᠠᠵᠢᠯ  ᠤᠨ  ᠠᠮᠠᠷᠠᠯᠲᠠ ᠪᠠᠨ  ᠠᠪᠬᠤ  ᠭᠠᠷ‌‍ᠭᠦ᠋ᠢᠴᠳᠭᠡᠯ ᠢ  ᠳᠠᠭᠢᠵᠤ  ᠬᠦᠢᠴᠡᠳᠭᠡᠬᠦ  ᠴᠢᠬᠤᠯᠠ  ᠥᠬᠡᠶ᠂   ᠨᠡᠶᠢᠭᠡᠮ ᠤᠨ   ᠳᠠᠭᠠᠳᠬᠠᠯ ᠤᠨ   ᠭᠠᠷᠲᠠᠨ   ᠬᠦᠢᠴᠡᠳᠭᠡᠬᠦ ᠪᠠᠶᠢᠭᠤᠯᠤᠮᠵᠢ ᠠᠴᠠ 2022 ᠣᠨ ᠤ ᠲᠣᠰ ᠬᠤᠲᠠ ᠶᠢᠨ ᠦᠨᠳᠦᠰᠦᠨ ᠨᠠᠰᠤᠵᠢᠯ ᠤᠨ ᠠᠰᠠᠷᠠᠮᠵᠢ ᠶᠢᠨ ᠮᠥᠩᠭᠦ ᠶᠢᠨ  ᠰᠠᠭᠤᠷᠢ ᠲᠤᠭ᠎ᠠ ᠪᠠᠷ ᠦᠨᠳᠦᠰᠦᠨ ᠨᠠᠰᠤᠵᠢᠯ ᠤᠨ  ᠠᠰᠠᠷᠠᠮᠵᠢ ᠶᠢᠨ  ᠮᠥᠩᠭᠦ ᠶᠢ  ᠳᠠᠭᠢᠵᠤ  ᠬᠢᠨᠠᠨ  ᠲᠣᠭᠲᠠᠭᠠᠬᠤ  ᠪᠥᠭᠡᠳ  ᠨᠠᠰᠤᠨ ‍ᠤ‌ᠠᠮᠠᠷᠠᠯᠲᠠ ᠪᠠᠨ ᠠᠪᠬᠤ  ᠶᠢ ᠬᠢᠨᠠᠨ  ᠵᠥᠪᠰᠢᠶᠡᠷᠡᠭᠰᠡᠨ ᠤ  ᠳᠠᠷᠠᠭ᠎ᠠ  ᠰᠠᠷ᠎ᠠ ᠠᠴᠠ  ᠡᠬᠢᠯᠡᠨ  ᠨᠥᠬᠦᠵᠦ  ᠣᠯᠭᠤᠨ᠎ᠠ  ᠭᠡᠵᠡᠶ᠃ ᠪᠡᠭᠡᠵᠢᠩ ᠤᠨ ᠬᠥᠮᠦᠨ ᠤ ᠬᠦᠴᠦᠨ ᠤ ᠡᠬᠢ ᠪᠠᠶᠠᠯᠢᠭ ᠪᠠ  ᠨᠡᠶᠢᠭᠡᠮ ᠤᠨ  ᠪᠠᠲᠤᠯᠠᠭ᠎ᠠ ᠶᠢᠨ  ᠲᠣᠪᠴᠢᠶ᠎ᠠ  ᠢᠯᠡᠷᠬᠡᠶᠢᠯᠡᠬᠦ ᠳᠡᠭᠡᠨ᠂ 2022 ᠣᠨ ᠤ 1 ᠰᠠᠷ᠎ᠠ ᠶᠢᠨ 1 ᠤ ᠡᠳᠦᠷ ᠠᠴᠠ ᠵᠠᠷᠯᠠᠯ ᠨᠡᠶᠢᠲᠡᠯᠡᠭᠰᠡᠨ  ᠴᠠᠭ  ᠬᠦᠷᠲᠡᠯ᠎ᠡ  ᠬᠠᠤᠯᠢ ᠪᠠᠷ  ᠲᠣᠭᠲᠠᠭᠠᠭᠰᠠᠨ‌ᠠᠵᠢᠯ ᠤᠨ ᠠᠮᠠᠷᠠᠯᠲᠠ ᠪᠠᠨ ᠠᠪᠬᠤ ᠨᠠᠰᠤᠨ ᠳᠤ ᠭᠦᠷᠦᠭᠰᠡᠨ ᠪᠥᠭᠡᠳ ᠰᠠᠷ᠎ᠠ ᠪᠠᠷ ᠨᠠᠰᠤᠵᠢᠯ ᠤᠨ ᠦᠨᠳᠦᠰᠦᠨ  ᠠᠰᠠᠷᠠᠮᠵᠢ ᠶᠢᠨ ᠮᠥᠩᠭᠦ ᠠᠪᠬᠤ ᠭᠠᠷ ᠭᠦᠢᠴᠡᠳᠭᠡᠯ ᠢ ᠭᠦᠢᠴᠡᠳᠭᠡᠵᠦ ᠪᠠᠶᠢᠭ᠎ᠠ ᠬᠥᠮᠦᠰ ᠰᠠᠷ᠎ᠠ  ᠪᠦᠷᠢ  11082  ᠲᠥᠭᠦᠷᠢᠭ ᠢᠶᠠᠷ  ᠰᠠᠭᠤᠷᠢ ᠲᠤᠭ᠎ᠠ ᠪᠣᠯᠭᠠᠵᠤ᠂ ᠵᠥᠷᠢᠶᠡᠲᠦ ᠲᠣᠭᠠᠨ ᠤ ᠨᠠᠰᠤᠵᠢᠯ ᠤᠨ ᠠᠰᠠᠷᠠᠮᠵᠢ ᠶᠢᠨ ᠮᠥᠩᠭᠦ ᠶᠢ ᠳᠠᠭᠢᠵᠤ ᠲᠣᠭᠠᠴᠠᠭ᠎ᠠ ᠬᠢᠬᠦ ᠶᠢᠨ  ᠬᠠᠮᠲᠤ ᠨᠥᠬᠦᠵᠦ ᠥᠭᠭᠦᠨ᠎ᠡ ᠭᠡᠵᠡᠶ᠃ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠪᠡᠭᠡᠵᠢᠩ ᠤᠨ  2021  ᠣᠨ ᠤ  ᠪᠤᠳᠤᠭᠰᠠᠨ ᠰᠠᠭᠤᠷᠢ ᠲᠤᠭ᠎ᠠ ᠨᠢ ᠰᠠᠷ᠎ᠠ ᠪᠦᠷᠢ 10534 ᠲᠥᠭᠦᠷᠢᠭ᠂ 2022 ᠣᠨ ᠤ ᠪᠤᠳᠤᠭᠰᠠᠨ ᠰᠠᠭᠤᠷᠢ ᠲᠤᠭ᠎ᠠ ᠨᠢ ᠰᠠᠷ᠎ᠠ  ᠪᠦᠷᠢ 11082 ᠲᠥᠭᠦᠷᠢᠭ ᠪᠤᠯᠵᠤ᠂ ᠰᠠᠭᠤᠷᠢ ᠲᠤᠭ᠎ᠠ ᠨᠢ ᠳᠡᠭᠡᠭᠰᠢᠯᠡᠵᠡᠶ᠂ ᠡᠶᠢᠮᠦ ᠠᠴᠠ ᠳᠠᠭᠢᠵᠤ ᠲᠣᠭᠠᠴᠠᠭ᠎ᠠ ᠬᠢᠭᠰᠡᠨ ᠤ ᠳᠠᠷᠠᠭ᠎ᠠ᠂ ᠡᠲᠡᠭᠡᠷ ᠠᠵᠢᠯ ᠤᠨ ᠠᠮᠠᠷᠠᠯᠲᠠ ᠪᠠᠨ ᠠᠪᠤᠭᠰᠠᠳ ᠤᠨ ᠨᠠᠰᠤᠵᠢᠯ ᠤᠨ ᠠᠰᠠᠷᠠᠮᠵᠢ ᠶᠢᠨ ᠮᠥᠩᠭᠦ ᠨᠢ ᠴᠦ ᠨᠡᠮᠡᠭᠳᠡᠬᠦ ᠪᠣᠯᠤᠨ᠎ᠠ᠃ 
ᠢᠷᠡᠯᠲᠡ᠄ ᠠᠷᠠᠳ ᠤᠨ ᠰᠦᠯᠵᠢᠶ᠎ᠡ