ᠨᠡᠶᠢᠭᠡᠮ ᠤᠨ ᠠᠪᠤᠷᠠᠨ ᠳᠤᠰᠠᠯᠠᠬᠤ ᠶᠢ ᠳᠦᠷ ᠭᠡᠷᠡᠭᠵᠢᠬᠦᠯᠬᠦ ᠠᠷᠭ᠎ᠠ ︵ᠠᠷᠪᠠᠨ ᠬᠤᠶᠠᠷ︶
ᠨᠡᠶᠢᠲᠡᠯᠡᠭᠰᠡᠨ ᠴᠠᠭ᠄
2022/9/22
ᠠᠷᠪᠠᠨ ᠬᠤᠶᠠᠳᠤᠭᠠᠷ ᠪᠦᠯᠦᠭ    ᠬᠠᠤᠯᠢ ᠶᠢᠨ ᠬᠠᠷᠢᠭᠤᠴᠠᠯᠭ᠎ᠠ             ᠵᠢᠷᠡᠨ ᠵᠢᠷᠭᠤᠳᠤᠭᠠᠷ ᠵᠦᠢᠯ    ᠳᠤᠰ ᠠᠷᠭ᠎ᠠ ᠶᠢᠨ ᠳᠤᠭᠳᠠᠭᠠᠯ ᠢ ᠵᠦᠷᠢᠴᠡᠭᠰᠡᠨ᠂ ᠳᠤᠳᠤᠷᠠᠬᠢ ᠮᠠᠳᠤ  ᠪᠠᠶᠢᠳᠠᠯ ᠤᠨ ᠨᠢᠭᠡ ᠨᠢ ᠤᠷᠤᠰᠢᠵᠤ ᠪᠠᠶᠢᠪᠠᠯ᠂ ᠳᠡᠭᠡᠳᠤ ᠱᠠᠳᠤᠨ ᠤ ᠵᠠᠰᠠᠭ ᠵᠠᠬᠢᠷᠭᠠᠨ ᠤ  ᠪᠠᠶᠢᠭᠤᠯᠭ᠎ᠠ ᠪᠤᠶᠤ ᠬᠢᠨᠠᠨ  ᠪᠠᠶᠢᠴᠠᠭᠠᠬᠤ ᠪᠠᠶᠢᠭᠤᠯᠭ᠎ᠠ ᠠᠴᠠ ᠠᠯᠪᠠᠳᠠᠨ ᠵᠠᠷᠯᠢᠭᠳᠠᠵᠤ ᠵᠠᠰᠠᠨ ᠵᠠᠯᠠᠷᠠᠭᠤᠯᠤᠨ᠎ᠠ︔ ᠰᠢᠭᠤᠳ ᠬᠠᠷᠢᠭᠤᠴᠠᠯᠭ᠎ᠠ  ᠪᠦᠬᠦᠢ ᠭᠤᠤᠯᠯᠠᠨ ᠬᠠᠮᠢᠶᠠᠷᠬᠤ ᠠᠵᠢᠯᠳᠠᠨ ᠪᠤᠯᠤᠨ ᠪᠤᠰᠤᠳ ᠰᠢᠭᠤᠳ ᠬᠠᠷᠢᠭᠤᠴᠠᠯᠭ᠎ᠠ ᠲᠠᠢ ᠬᠦᠮᠦᠨ ᠳᠤ ᠬᠠᠤᠯᠢ  ᠶᠤᠰᠤᠭᠠᠷ ᠰᠢᠳᠭᠡᠯ ᠤᠯᠭᠤᠨ᠎ᠠ᠃               ︵ᠨᠢᠭᠡ︶ ᠠᠪᠤᠷᠠᠨ ᠳᠤᠰᠠᠯᠠᠬᠤ ᠶᠢ ᠭᠤᠶᠤᠴᠢᠯᠠᠬᠤ ᠨᠦᠬᠦᠴᠡᠯ ᠳᠤ ᠬᠦᠷᠦᠭᠰᠡᠳ ᠤᠨ ᠭᠤᠶᠤᠯᠳᠠ ᠶᠢ ᠨᠢ  ᠬᠦᠯᠢᠶᠠᠨ ᠠᠪᠬᠤ ᠦᠭᠡᠢ︔              ︵ᠬᠤᠶᠠᠷ︶ ᠠᠪᠤᠷᠠᠨ ᠳᠤᠰᠠᠯᠠᠬᠤ ᠨᠦᠬᠦᠴᠡᠯ ᠳᠤ ᠬᠦᠷᠦᠭᠰᠡᠳ ᠤᠨ ᠠᠪᠤᠷᠠᠨ ᠳᠤᠰᠠᠯᠠᠭᠤᠯᠬᠤ ᠭᠤᠶᠤᠯᠳᠠ  ᠶᠢ ᠵᠦᠪᠰᠢᠶᠡᠷᠡᠬᠦ ᠦᠭᠡᠢ︔           ︵ᠭᠤᠷᠪᠠ︶ ᠠᠪᠤᠷᠠᠨ ᠳᠤᠰᠠᠯᠠᠬᠤ ᠨᠦᠬᠦᠴᠡᠯ ᠳᠤ ᠨᠡᠶᠢᠴᠡᠬᠦ ᠦᠭᠡᠢ ᠬᠦᠮᠦᠰ ᠤᠨ ᠠᠪᠤᠷᠠᠨ ᠳᠤᠰᠠᠯᠠᠬᠤ  ᠭᠤᠶᠤᠯᠳᠠ ᠶᠢ ᠵᠦᠪᠰᠢᠶᠡᠷᠡᠭᠰᠡᠨ︔                ︵ᠳᠦᠷᠪᠡ︶ ᠠᠵᠢᠯ ᠤᠨ ᠳᠤᠮᠳᠠ ᠪᠠᠨ ᠤᠯᠵᠤ ᠮᠡᠳᠡᠭᠰᠡᠨ ᠡᠷᠭᠡᠳᠤ ᠠᠷᠠᠳ ᠤᠨ ᠴᠢᠮᠡᠭᠡ ᠵᠠᠩᠬᠢ ᠶᠢ  ᠵᠠᠳᠠᠷᠠᠭᠤᠯᠵᠤ᠂ ᠮᠠᠭᠤ ᠨᠦᠯᠦᠭᠡ ᠦᠵᠡᠬᠦᠯᠦᠭᠰᠡᠨ︔            ︵ᠳᠠᠪᠤ︶ ᠨᠡᠶᠢᠭᠡᠮ ᠠᠴᠠ ᠳᠤᠰᠠᠯᠠᠭᠰᠠᠨ ᠵᠤᠭᠤᠰ ᠮᠦᠡᠭᠬᠦ᠂ ᠡᠳ᠋ ᠪᠤᠳᠠᠰ᠂ ᠦᠢᠯᠡᠴᠢᠯᠡᠭᠡᠨ ᠤ ᠳᠡᠮᠳᠡᠭᠯᠡᠯ  ᠵᠡᠷᠭᠡ ᠳᠤᠭ᠎ᠠ ᠪᠠᠷᠢᠮᠳᠠ ᠶᠢ ᠭᠡᠭᠡᠭᠰᠡᠨ ᠪᠤᠶᠤ ᠬᠠᠯᠠᠵᠤ ᠦᠭᠡᠷᠡᠴᠢᠯᠡᠭᠰᠡᠨ︔               ︵ᠵᠢᠷᠭᠤᠭ᠎ᠠ︶ ᠨᠡᠶᠢᠭᠡᠮ ᠤᠨ ᠠᠪᠤᠷᠠᠨ ᠳᠤᠰᠠᠯᠠᠬᠤ ᠵᠤᠭᠤᠰ ᠮᠦᠡᠭᠬᠦ᠂ ᠡᠳ᠋ ᠪᠤᠳᠠᠰ ᠢ ᠳᠤᠭᠳᠠᠭᠠᠯ ᠶᠤᠰᠤᠭᠠᠷ  ᠳᠦᠪᠡᠭᠡᠵᠤ ᠦᠭᠬᠦᠭᠰᠡᠨ ᠦᠭᠡᠢ ᠪᠤᠶᠤ ᠬᠤᠯᠪᠤᠭᠳᠠᠯ ᠪᠦᠬᠦᠢ ᠦᠢᠯᠡᠴᠢᠯᠡᠭᠡ ᠬᠠᠨᠭ᠍ᠭᠠᠭᠰᠠᠨ ᠦᠭᠡᠢ︔             ︵ᠳᠤᠯᠤᠭ᠎ᠠ︶ ᠨᠡᠶᠢᠭᠡᠮ ᠤᠨ ᠠᠪᠤᠷᠠᠨ ᠳᠤᠰᠠᠯᠠᠬᠤ ᠡᠬᠦᠷᠭᠡ ᠬᠠᠷᠢᠭᠤᠴᠠᠯᠭ᠎ᠠ ᠪᠠᠨ ᠬᠦᠢᠴᠡᠳᠭᠡᠬᠦ ᠶᠠᠪᠤᠴᠠ  ᠳᠤ ᠪᠤᠰᠤᠳ ᠳᠠᠯ᠎ᠠ ᠪᠠᠷ ᠡᠷᠭᠡ ᠳᠤᠰᠢᠶᠡᠯ ᠢᠶᠠᠨ ᠠᠰᠢᠭᠯᠠᠭᠰᠠᠨ᠂ ᠡᠬᠦᠷᠭᠡ ᠳᠤᠰᠢᠶᠠᠯ ᠳᠠᠭᠠᠨ ᠤᠰᠤᠯᠳᠤᠭᠰᠠᠨ᠂  ᠬᠤᠪᠢ ᠶᠢᠨ ᠨᠠᠶᠢᠷ ᠢᠶᠠᠷ ᠬᠠᠤᠯᠢ ᠶᠤᠰᠤ ᠶᠢ ᠵᠦᠷᠢᠴᠡᠭᠰᠡᠨ ᠵᠡᠷᠭᠡ ᠠᠵᠢᠯᠠᠯᠭ᠎ᠠ᠃             ᠵᠢᠷᠡᠨ ᠳᠤᠯᠤᠳᠤᠭᠠᠷ ᠵᠦᠢᠯ    ᠳᠤᠰ ᠠᠷᠭ᠎ᠠ ᠶᠢᠨ ᠳᠤᠭᠳᠠᠭᠠᠯ ᠢ ᠵᠦᠷᠢᠴᠡᠨ᠂ ᠨᠡᠶᠢᠭᠡᠮ ᠤᠨ ᠠᠪᠤᠷᠠᠨ  ᠳᠤᠰᠠᠠᠯᠬᠤ ᠵᠤᠭᠤᠰ ᠮᠦᠡᠭᠬᠦ᠂ ᠡᠳ᠋ ᠪᠤᠳᠠᠰ ᠢ ᠳᠠᠰᠤᠯᠠᠨ ᠦᠯᠡᠳᠡᠭᠡᠬᠦ᠂ ᠰᠢᠬᠠᠨ ᠡᠵᠡᠯᠡᠬᠦ᠂ ᠨᠡᠬᠦᠯᠭᠡᠨ ᠭᠡᠷᠡᠭᠯᠡᠬᠦ᠂  ᠬᠤᠪᠢ ᠬᠦᠮᠦᠨ ᠬᠤᠪᠢᠶᠠᠨ ᠠᠪᠤᠭᠰᠠᠨ ᠪᠤᠯ ᠬᠤᠯᠪᠤᠭᠳᠠᠯ ᠪᠦᠬᠦᠢ ᠰᠠᠯᠠᠭ᠎ᠠ ᠮᠦᠴᠢᠷ ᠠᠴᠠ ᠠᠯᠪᠠᠳᠠ ᠵᠠᠷᠯᠢᠭᠳᠠᠵᠤ  ᠡᠭᠡᠬᠦᠯᠦᠨ ᠪᠤᠴᠠᠭᠠᠯᠭᠠᠬᠤ ᠭᠡᠷᠡᠭᠳᠡᠢ︔ ᠬᠠᠤᠯᠢ ᠪᠤᠰᠤ ᠪᠠᠷ ᠤᠯᠤᠭᠰᠠ ᠠᠰᠢᠭ ᠢ ᠨᠢ ᠬᠠᠤᠯᠢ ᠶᠤᠰᠤᠭᠠᠷ ᠬᠤᠷᠢᠶᠠᠨ  ᠠᠪᠬᠤ ᠭᠡᠷᠡᠭᠳᠡᠢ︔ ᠰᠢᠭᠤᠳ ᠬᠠᠷᠢᠭᠤᠴᠠᠯᠭ᠎ᠠ ᠪᠦᠬᠦᠢ ᠭᠤᠤᠯᠠᠯᠨ ᠬᠠᠮᠢᠶᠠᠷᠬᠤ ᠠᠵᠢᠯᠳᠠᠨ ᠪᠤᠯᠤᠨ ᠪᠤᠰᠤᠳ  ᠰᠢᠭᠤᠳ ᠬᠠᠷᠢᠭᠤᠴᠠᠯᠭ᠎ᠠ ᠲᠠᠢ ᠠᠵᠢᠯᠳᠠᠨ ᠳᠤ ᠬᠠᠤᠯᠢ ᠶᠤᠰᠤᠭᠠᠷ ᠰᠢᠳᠭᠡᠯ ᠦᠭᠬᠦ ᠭᠡᠷᠡᠭᠳᠡᠢ᠃                 ᠵᠢᠷᠡᠨ ᠨᠠᠢᠮᠠᠳᠤᠭᠠᠷ ᠵᠦᠢᠯ    ᠬᠤᠳᠠᠯ ᠭᠡᠯᠡᠬᠦ᠂ ᠨᠢᠭᠤᠨ ᠳᠠᠯᠳᠠᠯᠠᠬᠤ᠂ ᠬᠠᠭᠤᠷᠮᠠᠭ ᠢᠶᠠᠷ ᠵᠤᠬᠢᠶᠠᠬᠤ ᠵᠡᠷᠭᠡ  ᠠᠷᠭ᠎ᠠ ᠪᠠᠷ ᠨᠡᠶᠢᠭᠡᠮ ᠤᠨ ᠠᠪᠤᠷᠠᠨ ᠳᠤᠰᠠᠯᠠᠬᠤ ᠵᠤᠭᠤᠰ ᠮᠦᠡᠭᠬᠦ᠂ ᠡᠳ᠋ ᠪᠤᠳᠠᠰ ᠢ ᠮᠡᠭᠡᠯᠡᠨ ᠠᠪᠤᠭᠰᠠᠨ ᠪᠤᠶᠤ  ᠦᠢᠯᠡᠴᠢᠯᠡᠭᠡ ᠬᠢᠯᠭᠡᠭᠰᠡᠨ ᠪᠤᠯ ᠬᠤᠯᠪᠤᠭᠳᠠᠯ ᠪᠦᠬᠦᠢ ᠰᠠᠯᠠᠭ᠎ᠠ ᠮᠦᠴᠢᠷ ᠠᠴᠠ ᠨᠡᠶᠢᠭᠡᠮ ᠤᠨ ᠠᠪᠤᠷᠠᠨ ᠳᠤᠰᠠᠯᠠᠯᠳᠠ  ᠬᠢᠬᠦ ᠶᠢ ᠨᠢ ᠵᠤᠭᠰᠤᠭᠠᠵᠤ᠂ ᠬᠠᠤᠯᠢ ᠪᠤᠰᠤ ᠪᠠᠷ ᠤᠯᠤᠭᠰᠠᠨ ᠠᠪᠤᠷᠠᠨ ᠳᠤᠰᠠᠯᠠᠬᠤ ᠵᠤᠭᠤᠰ ᠮᠦᠡᠭᠬᠦ᠂ ᠡᠳ᠋ ᠪᠤᠳᠠᠰ ᠢ  ᠠᠯᠪᠠᠳᠠᠨ ᠪᠤᠴᠠᠭᠠᠯᠭᠠᠬᠤ ᠮᠦᠷᠳᠡᠭᠡᠨ ᠬᠠᠤᠯᠢ ᠪᠤᠰᠤ ᠪᠠᠷ ᠤᠯᠤᠭᠰᠠᠨ ᠠᠪᠤᠷᠠᠨ ᠳᠤᠰᠠᠠᠯᠬᠤ ᠵᠤᠭᠤᠰ ᠮᠦᠡᠭᠬᠦ ᠪᠤᠶᠤ  ᠡᠳ᠋ ᠪᠤᠳᠠᠰ ᠤᠨ ᠦᠷᠳᠡᠭ ᠤᠨ 1 ᠳᠠᠬᠢᠨ ᠠᠴᠠ ᠳᠡᠭᠡᠭᠰᠢ 3 ᠳᠠᠬᠢᠨ  ᠠᠴᠠ ᠳᠤᠷᠤᠭᠰᠢ ᠵᠤᠭᠤᠰ ᠢᠶᠠᠷ ᠳᠤᠷᠭᠠᠵᠤ  ᠪᠤᠯᠤᠨ᠎ᠠ︔ ᠠᠮᠤᠷ ᠢ  ᠬᠠᠮᠠᠭᠠᠯᠠᠬᠤ ᠬᠠᠮᠢᠶᠠᠷᠤᠯᠳᠠ ᠶᠢᠨ ᠳᠤᠭᠳᠠᠭᠠᠯ ᠶᠢ ᠵᠦᠷᠢᠴᠡᠭᠰᠡᠨ ᠠᠵᠢᠯᠯᠠᠭ᠎ᠠ ᠳᠤ  ᠳᠤᠭᠠᠴᠠᠭᠳᠠᠬᠤ ᠳᠤ ᠬᠦᠷᠪᠡᠯ ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ ᠳᠤᠭᠳᠠᠭᠠᠯ ᠢᠶᠠᠷ ᠳᠤᠷᠭᠠᠨ ᠰᠢᠳᠭᠡᠵᠤ  ᠪᠤᠯᠤᠨ᠎ᠠ᠃           ᠵᠢᠷᠠ ᠶᠢᠰᠤᠳᠤᠭᠡᠷ ᠵᠦᠢᠯ    ᠳᠤᠰ ᠠᠷᠭ᠎ᠠ ᠶᠢᠨ ᠳᠤᠭᠳᠠᠭᠠᠯ ᠢ ᠵᠦᠷᠢᠴᠡᠨ᠂ ᠶᠠᠯ᠎ᠠ ᠬᠢᠭᠰᠡᠳ ᠠᠴᠠ ᠬᠠᠤᠯᠢ  ᠶᠤᠰᠤᠭᠠᠷ ᠡᠷᠡᠬᠦᠤ ᠶᠢᠨ ᠬᠠᠷᠢᠭᠤᠴᠠᠯᠭ᠎ᠠ ᠨᠡᠭᠡᠮᠵᠢᠯᠡᠨ᠎ᠠ᠃                ᠳᠠᠯᠠᠳᠤᠭᠠᠷ ᠵᠦᠢᠯ    ᠳᠤᠰ ᠠᠷᠭ᠎ᠠ ᠶᠢ 2014 ᠤᠨ ᠤ 5 ᠰᠠᠷ᠎ᠠ ᠶᠢᠨ 1 ᠤ ᠡᠳᠤᠷ ᠠᠴᠠ ᠡᠬᠢᠯᠡᠨ  ᠭᠡᠷᠡᠭᠵᠢᠬᠦᠯᠦᠨ᠎ᠠ᠃           
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ