ᠬᠤᠶᠠᠳᠤᠭᠠᠷ ᠪᠦᠯᠦᠭ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ | ᠶᠢᠰᠦᠳᠤᠭᠡᠷ ᠵᠦᠢᠯ ᠤᠯᠤᠰ ᠠᠴᠠ ᠴᠤᠭ ᠠᠮᠢᠳᠤᠷᠠᠵᠤ ᠪᠠᠶᠢᠭ᠎ᠠ ᠭᠡᠷ ᠪᠦᠯᠢ ᠶᠢᠨ ᠪᠦᠷᠢᠯᠳᠦᠬᠦᠨ ᠤ ᠬᠦᠮᠦᠨ ᠳᠤᠮᠳᠠᠴᠢ ᠶᠢᠨ ᠤᠷᠤᠯᠭ᠎ᠠ ᠨᠢ ᠳᠤᠬᠠᠢ ᠶᠢᠨ | ᠭᠠᠵᠠᠷ ᠤᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠶᠢᠨ ᠪᠠᠷᠢᠮᠵᠢᠶ᠎ᠠ ᠠᠴᠠ ᠳᠤᠤᠷ᠎ᠠ ᠮᠦᠷᠳᠡᠭᠡᠨ ᠳᠤᠬᠠᠢ ᠶᠢᠨ ᠭᠠᠵᠠᠷ ᠤᠨ ᠨᠠᠭᠠᠳᠤ ᠵᠠᠬ᠎ᠠ ᠶᠢᠨ | ᠠᠮᠢᠳᠤᠷᠠᠯ ᠤᠨ ᠪᠠᠳᠤᠯᠠᠪᠤᠷᠢ ᠶᠢᠨ ᠭᠡᠷ ᠪᠦᠯᠢ ᠶᠢᠨ ᠡᠳ᠋ ᠬᠦᠷᠦᠩᠭᠡ ᠶᠢᠨ ᠠᠬᠤᠢ ᠪᠠᠶᠢᠳᠠᠯ ᠤᠨ ᠳᠤᠭᠳᠠᠭᠠᠯ ᠳᠤ ᠨᠡᠶᠢᠴᠡᠭᠰᠡᠨ ᠭᠡᠷ ᠪᠦᠯᠢ ᠳᠤ ᠨᠠᠭᠠᠳᠤ ᠵᠠᠬ᠎ᠠ ᠶᠢᠨ | ᠠᠮᠢᠳᠤᠷᠠᠯ ᠤᠨ ᠪᠠᠳᠤᠯᠠᠪᠤᠷᠢ ᠤᠯᠭᠤᠨ᠎ᠠ᠃ | ᠠᠷᠪᠠᠳᠤᠭᠠᠷ ᠵᠦᠢᠯ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠶᠢᠨ ᠪᠠᠷᠢᠮᠵᠢᠶ᠎ᠠ ᠶᠢ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠠ | ᠬᠤᠳᠠ ᠡᠰᠡᠬᠦᠯ᠎ᠡ ᠳᠤᠭᠤᠷᠢᠭ ᠲᠠᠢ ᠬᠤᠳᠠ ᠶᠢᠨ ᠳᠡᠰ ᠤᠨ ᠠᠷᠠᠳ ᠤᠨ ᠠᠷᠠᠳ ᠤᠨ ᠵᠠᠰᠠᠭ ᠤᠨ ᠤᠷᠳᠤᠨ ᠠᠴᠠ ᠳᠤᠬᠠᠢ ᠶᠢᠨ ᠭᠠᠵᠠᠷ ᠤᠨ ᠰᠠᠭᠤᠭᠠᠯᠢ ᠠᠷᠠᠳ | ᠤᠨ ᠠᠮᠢᠳᠤᠷᠠᠯ ᠳᠤ ᠵᠠᠪᠠᠯ ᠭᠡᠷᠡᠭᠯᠡᠬᠦ ᠵᠠᠷᠤᠳᠠᠯ ᠤᠨ ᠪᠠᠷᠢᠮᠵᠢᠶ᠎ᠠ ᠪᠠᠷ ᠳᠤᠭᠳᠠᠭᠠᠵᠤ ᠨᠡᠶᠢᠳᠡᠯᠡᠨ᠂ ᠳᠤᠬᠠᠢ ᠶᠢᠨ ᠭᠠᠵᠠᠷ ᠤᠨ ᠠᠵᠤ ᠠᠬᠤᠢ ᠨᠡᠶᠢᠭᠡᠮ ᠤᠨ | ᠬᠦᠭᠵᠢᠯᠳᠡ ᠶᠢᠨ ᠳᠦᠪᠰᠢᠨ ᠬᠢᠭᠡᠳ ᠪᠠᠷᠠᠭ᠎ᠠ ᠲᠠᠸᠠᠷ ᠤᠨ ᠦᠨ᠎ᠠ ᠬᠠᠨᠭ᠍ᠰᠢ ᠶᠢᠨ ᠬᠤᠪᠢᠷᠠᠯᠳᠠ ᠶᠢᠨ ᠪᠠᠶᠢᠳᠠᠯ ᠢ ᠦᠨᠳᠦᠰᠦᠯᠡᠵᠤ ᠴᠠᠭ ᠳᠤᠬᠠᠢ ᠳᠤ ᠨᠢ | ᠳᠤᠬᠢᠷᠠᠭᠤᠯᠤᠯᠳᠠ ᠬᠢᠨ᠎ᠠ᠃ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠶᠢᠨ ᠭᠡᠷ ᠪᠦᠯᠢ ᠶᠢᠨ ᠤᠷᠤᠯᠭ᠎ᠠ ᠶᠢᠨ ᠪᠠᠶᠢᠳᠠᠯ᠂ ᠡᠳ᠋ ᠬᠦᠷᠦᠩᠭᠡ ᠶᠢᠨ ᠪᠠᠶᠢᠳᠠᠯ ᠢ | ᠬᠢᠨᠠᠵᠤ ᠳᠤᠭᠳᠠᠭᠠᠬᠤ ᠠᠷᠭ᠎ᠠ ᠶᠢ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠳᠠ ᠡᠰᠡᠬᠦᠯ᠎ᠠ ᠳᠤᠭᠤᠷᠢᠭ ᠲᠠᠢ ᠬᠤᠳᠠ ᠶᠢᠨ ᠳᠡᠰ ᠤᠨ | ᠠᠷᠠᠳ ᠤᠨ ᠵᠠᠰᠠᠭ ᠤᠨ ᠤᠷᠳᠤᠨ ᠠᠴᠠ ᠤᠯᠤᠰ ᠤᠨ ᠬᠤᠯᠪᠤᠭᠳᠠᠯ ᠪᠦᠬᠦᠢ ᠳᠤᠭᠳᠠᠭᠠᠯ ᠶᠤᠰᠤᠭᠠᠷ ᠳᠤᠭᠳᠠᠭᠠᠨ᠎ᠠ᠃ | ᠠᠷᠪᠠᠨ ᠨᠢᠭᠡᠳᠤᠭᠡᠷ ᠵᠦᠢᠯ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠶᠢᠨ ᠭᠤᠶᠤᠯᠳᠠ ᠶᠢ ᠳᠤᠤᠷᠠᠬᠢ ᠮᠠᠳᠤ ᠳᠡᠰ ᠳᠠᠷᠠᠭᠠᠯᠠᠯ ᠢᠶᠠᠷ | ᠬᠦᠢᠴᠡᠳᠭᠡᠨ᠎ᠠ᠄ | ︵ᠨᠢᠭᠡ︶ ᠴᠤᠭ ᠠᠮᠢᠳᠤᠷᠠᠵᠤ ᠪᠠᠶᠢᠭ᠎ᠠ ᠭᠡᠷ ᠪᠦᠯᠢ ᠶᠢᠨ ᠪᠦᠷᠢᠯᠳᠦᠬᠦᠨ ᠠᠴᠠ ᠡᠷᠦᠭᠡ ᠠᠮᠠᠨ ᠳᠠᠩᠰᠠ ᠨᠢ ᠪᠠᠶᠢᠭ᠎ᠠ ᠭᠠᠵᠠᠷ ᠤᠨ ᠢᠶᠠᠨ ᠰᠤᠮᠤ ᠰᠢᠶᠠᠩ | ᠪᠠᠯᠭᠠᠰᠤᠨ ᠤ ᠠᠷᠠᠳ ᠤᠨ ᠵᠠᠰᠠᠭ ᠤᠨ ᠤᠷᠳᠤᠨ᠂ ᠵᠡᠭᠡᠯᠢ ᠭᠤᠳᠤᠮᠵᠢ ᠶᠢᠨ ᠭᠡᠷᠡᠭ ᠡᠷᠬᠢᠯᠡᠬᠦ ᠭᠠᠵᠠᠷ ᠲᠤ ᠪᠢᠴᠢᠭ ᠢᠶᠠᠷ ᠭᠤᠶᠤᠴᠢᠯᠠᠨ᠎ᠠ︔ ᠭᠡᠷ ᠪᠦᠯᠢ ᠶᠢᠨ | ᠪᠦᠷᠢᠯᠳᠦᠬᠦᠨ ᠨᠢ ᠭᠤᠶᠤᠴᠢᠯᠠᠯᠳᠠ ᠬᠢᠬᠦ ᠳᠤ ᠬᠦᠴᠢᠷ ᠲᠠᠢ ᠪᠤᠯ ᠭᠠᠴᠠᠭ᠎ᠠ ᠳᠤᠰᠬᠤᠨ ᠤ ᠠᠷᠠᠳ ᠤᠨ ᠵᠦᠪᠯᠡᠯ᠂ ᠰᠠᠭᠤᠭᠠᠯᠢ ᠠᠷᠠᠳ ᠤᠨ ᠵᠦᠪᠯᠡᠯ ᠳᠤ ᠨᠠᠶᠢᠳᠠᠨ | ᠤᠷᠤᠯᠠᠨ ᠭᠤᠶᠤᠴᠢᠯᠠᠵᠤ ᠪᠤᠯᠤᠨ᠎ᠠ᠃ | ︵ᠬᠤᠶᠠᠷ︶ ᠰᠤᠮᠤ ᠰᠢᠶᠠᠩ ᠪᠠᠯᠭᠠᠰᠤᠨ ᠤ ᠠᠷᠠᠳ ᠤᠨ ᠵᠠᠰᠠᠭ ᠤᠨ ᠤᠷᠳᠤᠨ᠂ ᠵᠡᠭᠡᠯᠢ ᠭᠤᠳᠤᠮᠵᠢ ᠶᠢᠨ ᠭᠡᠷᠡᠭ ᠡᠷᠬᠢᠯᠡᠬᠦ ᠭᠠᠵᠠᠷ ᠨᠢ ᠡᠷᠦᠭᠡ ᠳᠤ ᠬᠦᠷᠴᠤ | ᠪᠠᠶᠢᠴᠠᠭᠠᠬᠤ᠂ ᠬᠦᠷᠰᠢ ᠰᠠᠭᠠᠬᠠᠯᠳᠠ ᠠᠴᠠ ᠨᠢ ᠠᠰᠠᠭᠤᠵᠤ ᠰᠤᠷᠠᠬᠤ᠂ ᠵᠠᠬᠢᠳᠠᠯ ᠢᠶᠠᠷ ᠭᠡᠷᠡᠴᠢ ᠠᠪᠬᠤ᠂ ᠤᠯᠠᠨ ᠳᠦᠮᠡᠨ ᠢᠶᠠᠷ ᠦᠨᠡᠯᠡᠬᠦᠯᠬᠦ᠂ ᠴᠢᠮᠡᠭᠡ ᠵᠠᠩᠬᠢ ᠶᠢ | ᠬᠢᠨᠠᠨ ᠪᠠᠶᠢᠴᠠᠭᠠᠬᠤ ᠵᠡᠷᠭᠡ ᠠᠷᠭ᠎ᠠ ᠪᠠᠷ ᠭᠤᠶᠤᠴᠢᠯᠠᠭᠰᠠᠨ ᠬᠦᠮᠦᠨ ᠤ ᠭᠡᠷ ᠪᠦᠯᠢ ᠶᠢᠨ ᠤᠷᠤᠯᠭ᠎ᠠ ᠶᠢᠨ ᠪᠠᠶᠢᠳᠠᠯ᠂ ᠡᠳ᠋ ᠬᠦᠷᠦᠩᠭᠡ ᠶᠢᠨ ᠪᠠᠶᠢᠳᠠᠯ ᠢ | ᠪᠠᠶᠢᠴᠠᠭᠠᠵᠤ ᠬᠢᠨᠠᠨ ᠮᠠᠭᠠᠳᠯᠠᠨ᠂ ᠠᠩᠬ᠎ᠠ ᠬᠢᠨᠠᠭᠰᠠᠨ ᠰᠠᠨᠠᠯ ᠢᠶᠠᠨ ᠳᠤᠷᠠᠳᠴᠤ᠂ ᠭᠤᠶᠤᠴᠢᠯᠠᠭᠰᠠᠨ ᠬᠦᠮᠦᠨ ᠤ ᠪᠠᠶᠢᠭ᠎ᠠ ᠭᠠᠴᠠᠭ᠎ᠠ ᠳᠤᠰᠬᠤᠨ᠂ ᠨᠡᠶᠢᠭᠡᠮ | ᠳᠤᠭᠤᠷᠢᠭ ᠲᠤ ᠵᠠᠷᠯᠠᠨ ᠨᠡᠶᠢᠳᠡᠯᠡᠭᠰᠡᠨ ᠤ ᠳᠠᠷᠠᠭ᠎ᠠ ᠬᠤᠰᠢᠭᠤ ᠰᠢᠶᠠᠨ ᠤ ᠳᠡᠰ ᠤᠨ ᠠᠷᠠᠳ ᠤᠨ ᠵᠠᠰᠠᠭ ᠤᠨ ᠤᠷᠳᠤᠨ ᠤ ᠠᠷᠠᠳ ᠤᠨ ᠶᠠᠪᠤᠳᠠᠯ ᠤᠨ ᠰᠠᠯᠠᠭ᠎ᠠ | ᠮᠦᠴᠢᠷ ᠲᠤ ᠮᠡᠳᠡᠬᠦᠯᠦᠨ ᠵᠦᠪᠰᠢᠶᠡᠷᠡᠬᠦᠯᠦᠨ᠎ᠠ᠃ | ︵ᠭᠤᠷᠪᠠ︶ ᠬᠤᠰᠢᠭᠤ ᠰᠢᠶᠠᠨ ᠤ ᠱᠠᠳᠤᠨ ᠤ ᠠᠷᠠᠳ ᠤᠨ ᠵᠠᠰᠠᠭ ᠤᠨ ᠤᠷᠳᠤᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠨᠢ ᠬᠢᠨᠠᠨ | ᠪᠠᠶᠢᠴᠠᠭᠠᠭᠠᠳ᠂ ᠨᠦᠬᠦᠴᠡᠯ ᠳᠤ ᠨᠡᠶᠢᠴᠡᠬᠦ ᠭᠤᠶᠤᠴᠢᠯᠠᠯ ᠢ ᠨᠢ ᠵᠦᠪᠰᠢᠶᠡᠷᠡᠬᠦ ᠶᠢᠨ ᠬᠠᠮᠳᠤ ᠭᠤᠶᠤᠴᠢᠯᠠᠭᠰᠠᠨ ᠬᠦᠮᠦᠨ ᠤ ᠪᠠᠶᠢᠭ᠎ᠠ ᠭᠠᠴᠠᠭ᠎ᠠ ᠳᠤᠰᠬᠤᠨ᠂ | ᠨᠡᠶᠢᠭᠡᠮ ᠤᠨ ᠳᠤᠭᠤᠷᠢᠭ ᠲᠤ ᠵᠠᠷᠯᠠᠨ ᠨᠡᠶᠢᠳᠡᠯᠡᠨ᠎ᠡ︔ ᠨᠦᠬᠦᠴᠡᠯ ᠳᠤ ᠡᠰᠡ ᠨᠡᠶᠢᠴᠡᠬᠦ ᠭᠤᠶᠤᠴᠢᠯᠠᠯᠳᠠ ᠶᠢ ᠦᠯᠦ ᠵᠦᠪᠰᠢᠶᠡᠷᠡᠨ᠂ ᠭᠤᠶᠤᠴᠢᠯᠠᠭᠰᠠᠨ ᠬᠦᠮᠦᠨ | ᠳᠤ ᠨᠢ ᠪᠢᠴᠢᠭ ᠢᠶᠠᠷ ᠤᠴᠢᠷ ᠰᠢᠯᠳᠠᠭᠠᠨ ᠢ ᠳᠤᠳᠤᠷᠬᠠᠢᠢᠯᠠᠵᠤ ᠦᠭᠬᠦᠨ᠎ᠠ᠃ | ᠠᠷᠪᠠᠨ ᠬᠤᠶᠠᠳᠤᠭᠠᠷ ᠵᠦᠢᠯ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠤᠯᠭᠤᠬᠤ ᠪᠠᠷ ᠵᠦᠪᠰᠢᠶᠡᠷᠡᠭᠳᠡᠭᠰᠡᠨ ᠭᠡᠷ ᠪᠦᠯᠢ ᠳᠤ᠂ ᠬᠤᠰᠢᠭᠤ | ᠰᠢᠶᠠᠨ ᠤ ᠱᠠᠳᠤᠨ ᠤ ᠠᠷᠠᠳ ᠤᠨ ᠵᠠᠰᠠᠭ ᠤᠨ ᠤᠷᠳᠤᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠨᠢ ᠴᠤᠭ ᠠᠮᠢᠳᠤᠷᠠᠵᠤ ᠪᠠᠶᠢᠭ᠎ᠠ ᠭᠡᠷ ᠪᠦᠯᠢ ᠶᠢᠨ | ᠪᠦᠷᠢᠯᠳᠦᠬᠦᠨ ᠤ ᠬᠦᠮᠦᠨ ᠳᠤᠮᠳᠠᠴᠢ ᠶᠢᠨ ᠤᠷᠤᠯᠭ᠎ᠠ ᠨᠢ ᠳᠤᠬᠠᠢ ᠶᠢᠨ ᠭᠠᠵᠠᠷ ᠤᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠶᠢᠨ ᠪᠠᠷᠢᠮᠵᠢᠶ᠎ᠠ ᠠᠴᠠ | ᠳᠤᠤᠷ᠎ᠠ ᠪᠠᠶᠢᠬᠤ ᠵᠦᠷᠢᠶ᠎ᠠ ᠪᠠᠷ ᠨᠢ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠶᠢᠨ ᠮᠦᠡᠭᠬᠦ ᠶᠢ ᠰᠠᠷ᠎ᠠ ᠪᠠᠷ ᠦᠭᠬᠦᠨ᠎ᠠ᠃ ᠨᠠᠭᠠᠳᠤ ᠵᠠᠬ᠎ᠠ ᠶᠢᠨ | ᠠᠮᠢᠳᠤᠷᠠᠯ ᠤᠨ ᠪᠠᠳᠤᠯᠠᠪᠤᠷᠢ ᠤᠯᠤᠭᠰᠠᠨ ᠤ ᠳᠠᠷᠠᠭ᠎ᠠ ᠠᠮᠢᠳᠤᠷᠠᠯ ᠨᠢ ᠮᠦᠨ ᠯᠡ ᠬᠦᠴᠢᠷᠳᠡᠯ ᠲᠠᠢ ᠪᠠᠶᠢᠭ᠎ᠠ ᠨᠠᠰᠤᠳᠠᠶᠢᠴᠤᠳ᠂ ᠨᠠᠰᠤᠨ ᠳᠤ ᠦᠯᠦ ᠬᠦᠷᠦᠭᠰᠡᠳ᠂ | ᠬᠦᠨᠳᠤ ᠭᠡᠴᠡᠬᠦᠤ ᠵᠡᠮᠳᠡᠭᠴᠤᠳ ᠪᠤᠯᠤᠨ ᠬᠦᠨᠳᠤ ᠡᠪᠡᠳᠴᠢᠳᠠᠳ ᠲᠤ ᠬᠤᠰᠢᠭᠤ ᠰᠢᠶᠠᠨ ᠤ ᠱᠠᠳᠤᠨ ᠠᠴᠠ ᠳᠡᠭᠡᠭᠰᠢᠬᠢ ᠤᠷᠤᠨ ᠨᠤᠳᠤᠭ ᠤᠨ ᠠᠷᠠᠳ ᠤᠨ | ᠵᠠᠰᠠᠭ ᠤᠨ ᠤᠷᠳᠤᠨ ᠨᠢ ᠴᠢᠬᠤᠯᠠ ᠪᠦᠬᠦᠢ ᠠᠷᠭ᠎ᠠ ᠭᠡᠮᠵᠢᠶ᠎ᠡ ᠠᠪᠴᠤ᠂ ᠠᠮᠢᠳᠤᠷᠠᠯ ᠢ ᠨᠢ ᠪᠠᠳᠤᠯᠠᠬᠤ ᠭᠡᠷᠡᠭᠳᠡᠢ᠃ | ᠠᠷᠪᠠᠨ ᠭᠤᠷᠪᠠᠳᠤᠭᠠᠷ ᠵᠦᠢᠯ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠤᠯᠵᠤ ᠪᠠᠶᠢᠭ᠎ᠠ ᠭᠡᠷ ᠪᠦᠯᠢ ᠶᠢᠨ ᠬᠦᠮᠦᠨ ᠠᠮᠠ ᠶᠢᠨ ᠪᠠᠶᠢᠳᠠᠯ᠂ | ᠤᠷᠤᠯᠭ᠎ᠠ ᠶᠢᠨ ᠪᠠᠶᠢᠳᠠᠯ᠂ ᠡᠳ᠋ ᠬᠦᠷᠦᠩᠭᠡ ᠶᠢᠨ ᠪᠠᠶᠢᠳᠠᠯ ᠳᠤ ᠬᠤᠪᠢᠷᠠᠯᠳᠠ ᠭᠠᠷᠤᠭᠰᠠᠨ ᠪᠤᠯ ᠴᠠᠭ ᠳᠠᠷᠤᠢ ᠳᠤ ᠨᠢ ᠰᠤᠮᠤ ᠰᠢᠶᠠᠩ ᠪᠠᠯᠭᠠᠰᠤᠨ ᠤ ᠠᠷᠠᠳ ᠤᠨ | ᠵᠠᠰᠠᠭ ᠤᠨ ᠤᠷᠳᠤᠨ᠂ ᠵᠡᠭᠡᠯᠢ ᠭᠤᠳᠤᠮᠵᠢ ᠶᠢᠨ ᠭᠡᠷᠡᠭ ᠡᠷᠬᠢᠯᠡᠬᠦ ᠭᠠᠵᠠᠷ ᠲᠤ ᠮᠡᠳᠡᠬᠦᠯᠬᠦ ᠭᠡᠷᠡᠭᠳᠡᠢ᠃ ᠬᠤᠰᠢᠭᠤ ᠰᠢᠶᠠᠨ ᠤ ᠱᠠᠳᠤᠨ ᠤ ᠠᠷᠠᠳ ᠤᠨ ᠵᠠᠰᠠᠭ ᠤᠨ | ᠤᠷᠳᠤᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠵᠢᠴᠢ ᠰᠤᠮᠤ ᠰᠢᠶᠠᠩ ᠪᠠᠯᠭᠠᠰᠤᠨ ᠤ ᠠᠷᠠᠳ ᠤᠨ ᠵᠠᠰᠠᠭ ᠤᠨ ᠤᠷᠳᠤᠨ᠂ ᠵᠡᠭᠡᠯᠢ ᠭᠤᠳᠤᠮᠵᠢ ᠶᠢᠨ ᠭᠡᠷᠡᠭ | ᠡᠷᠬᠢᠯᠡᠬᠦ ᠭᠠᠵᠠᠷ ᠨᠢ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠤᠯᠵᠤ ᠪᠠᠶᠢᠭ᠎ᠠ ᠭᠡᠷ ᠪᠦᠯᠢ ᠶᠢᠨ ᠬᠦᠮᠦᠨ ᠠᠮᠠ ᠶᠢᠨ ᠪᠠᠶᠢᠳᠠᠯ᠂ ᠤᠷᠤᠯᠭ᠎ᠠ ᠶᠢᠨ ᠪᠠᠶᠢᠳᠠᠯ | ᠂ ᠡᠳ᠋ ᠬᠦᠷᠦᠩᠭᠡ ᠶᠢᠨ ᠪᠠᠶᠢᠳᠠᠯ ᠢ ᠳᠤᠭᠳᠠᠭᠰᠠᠨ ᠬᠤᠭᠤᠴᠠᠭ᠎ᠠ ᠲᠠᠢ ᠪᠠᠷ ᠬᠠᠷᠭᠤᠭᠤᠯᠤᠨ ᠪᠠᠶᠢᠴᠠᠭᠠᠬᠤ ᠭᠡᠷᠡᠭᠳᠡᠢ᠃ ᠨᠠᠭᠠᠳᠤ ᠵᠠᠬ᠎ᠠ ᠶᠢᠨ ᠠᠮᠢᠳᠤᠷᠠᠯ ᠤᠨ | ᠪᠠᠳᠤᠯᠠᠪᠤᠷᠢᠳᠤ ᠭᠡᠷ ᠪᠦᠯᠢ ᠶᠢᠨ ᠬᠦᠮᠦᠨ ᠠᠮᠠ ᠶᠢᠨ ᠪᠠᠶᠢᠳᠠᠯ᠂ ᠤᠷᠤᠯᠭ᠎ᠠ ᠶᠢᠨ ᠪᠠᠶᠢᠳᠠᠯ᠂ ᠡᠳ᠋ ᠬᠦᠷᠦᠩᠭᠡ ᠶᠢᠨ ᠪᠠᠶᠢᠳᠠᠯ ᠳᠤ ᠬᠤᠪᠢᠷᠠᠯᠳᠠ ᠭᠠᠷᠪᠠᠯ ᠬᠤᠰᠢᠭᠤ | ᠰᠢᠶᠠᠨ ᠤ ᠱᠠᠳᠤᠨ ᠤ ᠠᠷᠠᠳ ᠤᠨ ᠵᠠᠰᠠᠭ ᠤᠨ ᠤᠷᠳᠤᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠨᠢ ᠴᠠᠭ ᠳᠠᠷᠤᠢ ᠳᠤ ᠨᠢ ᠨᠠᠭᠠᠳᠤ ᠵᠠᠬ᠎ᠠ ᠶᠢᠨ | ᠠᠮᠢᠳᠤᠷᠠᠯ ᠤᠨ ᠪᠠᠳᠤᠯᠠᠪᠤᠷᠢ ᠶᠢᠨ ᠮᠦᠡᠭᠬᠦ ᠶᠢ ᠨᠡᠮᠡᠵᠤ ᠦᠭᠬᠦ᠂ ᠬᠠᠰᠤᠬᠤ ᠡᠰᠡᠬᠦᠯ᠎ᠡ ᠵᠤᠭᠰᠤᠭᠠᠬᠤ ᠶᠢ ᠳᠤᠭᠳᠠᠭᠠᠬᠤ ᠭᠡᠷᠡᠭᠳᠡᠢ︔ ᠨᠠᠭᠠᠳᠤ ᠵᠠᠬ᠎ᠠ ᠶᠢᠨ | ᠠᠮᠢᠳᠤᠷᠠᠯ ᠤᠨ ᠪᠠᠳᠤᠯᠠᠪᠤᠷᠢ ᠶᠢᠨ ᠮᠦᠡᠭᠬᠦ ᠶᠢ ᠵᠤᠭᠰᠤᠭᠠᠬᠤ ᠪᠠᠷ ᠳᠤᠭᠳᠠᠭᠰᠠᠳ ᠲᠤ ᠤᠴᠢᠷ ᠰᠢᠯᠳᠠᠭᠠᠨ ᠢ ᠨᠢ ᠪᠢᠴᠢᠭ ᠢᠶᠠᠷ ᠳᠤᠳᠤᠷᠬᠠᠢᠢᠯᠠᠵᠤ ᠦᠭᠬᠦ ᠭᠡᠷᠡᠭᠳᠡᠢ᠃ | | | |