ᠡᠶᠢᠮᠣᠷᠬᠦ ᠤᠮᠳᠠᠭᠠᠨ ᠢ ᠤᠤᠭᠤᠪᠠᠯ ᠲᠤᠯᠠᠢ ᠡᠪᠡᠳᠴᠢᠨ ᠢ ᠡᠭᠦᠰᠭᠡᠨ᠎ᠡ ᠭᠡᠨ᠎ᠡ ᠤᠤ︖
ᠨᠡᠶᠢᠲᠡᠯᠡᠭᠰᠡᠨ ᠴᠠᠭ᠄
2022/9/22
      ᠡᠮᠴᠢ  ᠶᠢᠨ ᠰᠠᠨᠠᠭᠤᠯᠤᠭᠰᠠᠨ ᠨᠢ᠂ ᠦᠷᠭᠦᠯᠵᠢ ᠨᠡᠭᠦᠷᠡᠰᠦᠬᠦ᠋ᠴᠢᠯ ᠤᠨ ᠤᠮᠳᠠᠭᠠᠨ ᠢ ᠶᠡᠭᠡ ᠬᠡᠮᠵᠢᠶ᠎ᠡ ᠪᠠᠷ  ᠤᠤᠭᠤᠪᠠᠯ ᠦᠨᠡᠬᠡᠷ ᠲᠤᠯᠠᠢ ᠡᠪᠡᠳᠴᠢᠨ ᠢ ᠡᠭᠦᠰᠭᠡᠵᠦ ᠮᠡᠳᠡᠨ᠎ᠡ᠂ ᠭᠤᠤᠯᠳᠠᠭᠤ ᠤᠮᠳᠠᠭᠠᠨ ᠤ ᠳᠣᠲᠣᠷᠠᠬᠢ ᠨᠡᠭᠦᠷᠡᠰᠦᠬᠦ᠋ᠴᠢᠯ ᠠᠴᠠ ᠪᠣᠯᠤᠭᠰᠠᠨ ᠪᠢᠰᠢ᠂  ᠬᠠᠷᠢᠨ ᠲᠡᠭᠦᠨ ᠤ ᠳᠣᠲᠣᠷᠠᠬᠢ ᠰᠢᠬᠢᠷ᠂ ᠢᠯᠠᠩᠭᠤᠶ᠎ᠠ ᠵᠢᠮᠢᠰ ᠤᠨ ᠰᠢᠬᠢᠷ ᠠᠴᠠ ᠪᠣᠯᠤᠭᠰᠠᠨ ᠶᠤᠮ᠃ ᠵᠢᠮᠢᠰ ᠤᠨ ᠰᠢᠬᠢᠷ ᠢ ᠶᠡᠭᠡ ᠬᠡᠮᠵᠢᠶ᠎ᠡ ᠪᠠᠷ ᠢᠳᠡᠭᠰᠡᠨ ᠤ  ᠳᠠᠷᠠᠭ᠎ᠠ᠂  ᠪᠢᠳᠡᠨ ᠤ  ᠪᠡᠶ᠎ᠡ  ᠳᠣᠲᠣᠷ  ᠫᠦᠷᠢᠨ ᠢ  ᠡᠭᠦᠰᠭᠡᠵᠦ᠂  ᠲᠡᠭᠦᠨ ᠢ  ᠰᠣᠯᠢᠯᠴᠠᠭ᠎ᠠ ᠬᠢᠭᠰᠡᠨ ᠤ ᠳᠠᠷᠠᠭ᠎ᠠ ᠰᠢᠭᠡᠰᠦᠨ ᠬᠦᠴᠢᠯ ᠢ ᠶᠡᠬᠡᠰᠭᠡᠵᠦ᠂ ᠲᠤᠯᠠᠢ ᠡᠪᠡᠳᠴᠢᠨ ᠡᠭᠦᠰᠭᠡᠨ᠎ᠡ᠃ ᠡᠶᠢᠮᠦ ᠠᠴᠠ ᠰᠢᠬᠢᠷᠯᠢᠭ ᠤᠮᠳᠠᠭᠠᠨ ᠢ ᠬᠡᠳᠦᠶ ᠠᠷᠪᠢᠨ ᠤᠤᠭᠤᠪᠠᠯ ᠲᠤᠯᠠᠢ ᠡᠪᠡᠳᠴᠢᠨ ᠡᠭᠦᠰᠬᠦ ᠲᠦᠭᠰᠢᠭᠦᠷᠢ ᠨᠢ ᠲᠡᠳᠦᠶ ᠶᠡᠭᠡ ᠪᠠᠶᠢᠳᠠᠭ᠃              ᠡᠮᠴᠢ ᠶᠢᠨ ᠲᠠᠨᠢᠯᠴᠠᠭᠤᠯᠤᠭᠰᠠᠨ ᠢᠶᠠᠷ᠂ ᠰᠢᠬᠢᠷ ᠦᠭᠡᠢ ᠤᠮᠳᠠᠭᠠᠨ ᠤ ᠰᠢᠬᠢᠷᠯᠢᠭ ᠠᠮᠲᠠ ᠨᠢ ᠭᠤᠤᠯᠳᠠᠭᠤ  ᠰᠢᠬᠢᠷᠯᠢᠭ ᠡᠳ᠋ ᠠᠴᠠ ᠢᠷᠡᠯᠲᠡ ᠲᠠᠢ᠂ ᠦᠨᠳᠦᠰᠦᠨ ᠳᠡᠭᠡᠨ ᠬᠥᠮᠦᠨ ᠤ ᠪᠡᠶ᠎ᠡ ᠳᠤ ᠰᠢᠩᠭᠡᠭᠡᠭᠳᠡᠬᠦ ᠦᠭᠡᠢ᠂ ᠶᠡᠷᠦᠩᠬᠡᠶ ᠳᠤᠨᠢ ᠠᠪᠴᠤ ᠬᠡᠯᠡᠪᠡᠯ‌‍ᠲ᠋ᠤᠯᠠᠢ ᠡᠪᠡᠳᠴᠢᠨ ᠳᠤ ᠳᠡᠮᠡᠶ ᠨᠥᠯᠥᠭᠡ ᠦᠭᠡᠢ᠃              ᠲᠤᠯᠠᠢ ᠡᠪᠡᠳᠴᠢᠨ ᠢ ᠰᠡᠷᠭᠡᠶᠢᠯᠡᠬᠦ ᠳᠤ ᠡᠩ ᠲᠡᠷᠢᠭᠦᠨ ᠳᠤ  ᠠᠷᠢᠬᠢ ᠳᠤ  ᠪᠠᠭ᠎ᠠ  ᠤᠶᠢᠷᠡᠳ᠂  ᠰᠫᠢᠷᠲ  ᠨᠢ  ᠪᠡᠶ᠎ᠡ ᠮᠠᠬᠠᠪᠣᠳ ᠲᠤ ᠨᠡᠩ ᠠᠷᠪᠢᠨ ᠫᠦᠷᠢᠨ ᠡᠭᠦᠰᠭᠡᠳᠡᠭ ᠶᠤᠮ ᠪᠤᠯᠬᠤᠷ  ᠪᠠᠭ᠎ᠠ  ᠤᠤᠭᠤᠬᠤ  ᠪᠤᠶᠤ  ᠤᠤᠭᠤᠬᠤ  ᠦᠭᠡᠢ  ᠪᠠᠶᠢᠪᠠᠯ ᠵᠣᠬᠢᠨ᠎ᠠ᠃ ᠳᠠᠷᠠᠭ᠎ᠠ ᠳᠤᠨᠢ᠂ ᠠᠮᠢᠲᠠᠨ ᠤ ᠳᠣᠲᠣᠷ ᠡᠷᠬᠡᠲᠡᠨ᠂ ᠬᠠᠯᠠᠭᠤᠨ ᠲᠣᠭᠤᠭ᠎ᠠ᠂  ᠳᠠᠯᠠᠢ ᠶᠢᠨ  ᠢᠳᠡᠭᠡᠨ  ᠵᠡᠷᠭᠡ  ᠫᠦᠷᠢᠨ‌‍ᠶᠡᠬᠡᠲᠡᠢ ᠢᠳᠡᠭᠡᠨ ᠢ ᠪᠠᠭ᠎ᠠ  ᠢᠳᠡᠨ᠎ᠡ᠃  ᠭᠤᠷᠪᠠᠳᠤᠭᠠᠷ ᠲᠤ᠂  ᠤᠰᠤ  ᠨᠥᠬᠦᠪᠥᠷᠢᠯᠡᠬᠦ ᠶᠢ  ᠠᠩᠬᠠᠷᠴᠤ᠂  ᠢᠯᠡᠭᠦᠬᠡᠨ  ᠤᠰᠤ‌ᠤᠤᠭᠤᠬᠤ ᠬᠡᠷᠡᠭᠲᠡᠢ᠃ ᠨᠠᠮᠤᠷ ᠡᠪᠦᠯ ᠪᠣᠯᠤᠭᠰᠠᠨ ᠤ ᠳᠠᠷᠠᠭ᠎ᠠ᠂ ᠠᠭᠤᠷ  ᠠᠮᠢᠰᠬᠤᠯ  ᠰᠡᠷᠢᠭᠦᠨ᠂  ᠭᠠᠩ  ᠬᠠᠭᠤᠷᠠᠶ  ᠪᠠᠶᠢᠵᠤ᠂ᠪᠡᠶ᠎ᠡ ᠶᠢᠨ ᠭᠠᠳᠠᠷᠭᠤ ᠠᠴᠠ ᠠᠭᠤᠷᠰᠢᠬᠤ ᠤᠰᠤ ᠨᠡᠮᠡᠭᠳᠡᠵᠦ᠂ ᠴᠢᠰᠤᠨ ᠳᠣᠲᠣᠷᠠᠬᠢ ᠰᠢᠭᠡᠰᠦᠨ ᠬᠦᠴᠢᠯ ᠤᠨ ᠥᠳᠬᠡᠴᠡ  ᠪᠠᠰᠠ ᠳᠡᠭᠡᠭᠰᠢᠯᠡᠭᠡᠳ᠂ ᠲᠤᠯᠠᠢ ᠡᠪᠡᠳᠴᠢᠨ ᠢ ᠡᠭᠦᠰᠭᠡᠨ᠎ᠡ᠃  ᠳᠥᠷᠪᠡᠳᠦᠭᠡᠷ ᠲᠤ᠂  ᠬᠥᠳᠡᠯᠭᠡᠭᠡᠨ ᠢ  ᠠᠩᠬᠠᠷ᠃  ᠠᠭᠤᠷ  ᠠᠮᠢᠰᠬᠤᠯ ᠬᠦᠢᠲᠡᠷᠡᠭᠰᠡᠨ ᠤ ᠳᠠᠷᠠᠭ᠎ᠠ᠂ ᠡᠳᠦᠷ ᠪᠣᠭᠤᠨᠢᠰᠴᠤ᠂ ᠬᠥᠮᠦᠰ ᠤᠨ ᠬᠥᠳᠡᠯᠭᠡᠭᠡᠨ ᠤ ᠴᠠᠭ ᠨᠢ ᠴᠦ ᠬᠠᠷᠢᠴᠠᠩᠭᠤᠶ ᠪᠠᠷ ᠪᠠᠭᠠᠰᠤᠨ᠎ᠠ᠃ ᠬᠡᠷᠪᠡ ᠤᠳᠠᠭᠠᠨ ᠰᠠᠭᠤᠭᠠᠳ ᠬᠥᠳᠡᠯᠭᠡᠭᠡᠨ ᠬᠢᠬᠦ ᠦᠭᠡᠢ ᠪᠣᠯ᠂  ᠪᠡᠶ᠎ᠡ ᠶᠢᠨ  ᠰᠢᠭᠡᠰᠦᠨ  ᠬᠦᠴᠢᠯ ᠢ  ᠰᠣᠯᠢᠯᠴᠠᠬᠤ  ᠴᠢᠳᠠᠪᠤᠷᠢ ᠳᠣᠷᠣᠭᠰᠢᠯᠠᠵᠤ᠂ ᠲᠤᠯᠠᠢ ᠡᠪᠡᠳᠴᠢᠨ ᠢ ᠡᠭᠦᠰᠭᠡᠨ᠎ᠡ᠃ 
ᠢᠷᠡᠯᠲᠡ᠄ ᠠᠷᠠᠳ ᠤᠨ ᠰᠦᠯᠵᠢᠶ᠎ᠡ