ᠡᠨᠡ ᠶᠠᠭᠤᠮ᠎ᠠ ᠥᠮᠡᠨ ᠡᠭᠦᠰᠭᠡᠨ᠎ᠡ︕ ᠤᠯᠠᠨ ᠭᠠᠵᠠᠷ  ᠬᠤᠳᠠᠯᠳᠤᠬᠤ ᠶᠢ ᠵᠤᠭᠰᠤᠭᠠᠪᠠ
ᠨᠡᠶᠢᠲᠡᠯᠡᠭᠰᠡᠨ ᠴᠠᠭ᠄
2022/9/22
      9 ᠰᠠᠷ᠎ᠠ ᠶᠢᠨ 16 ᠤ ᠡᠳᠦᠷ᠂ ᠰᠧᠴᠤᠸᠠᠨ ᠤ ᠴᠧᠩᠳᠦ᠋ ᠬᠤᠲᠠ ᠶᠢᠨ ᠰᠢᠨᠵᠢᠨ ᠲᠣᠭᠤᠷᠢᠭ ᠤᠨ ᠵᠠᠬ᠎ᠠ ᠳᠡᠯᠭᠡᠭᠦᠷ ‍ᠤᠨ‌‍ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠣᠯᠠᠨ ᠨᠡᠶᠢᠲᠡ ᠶᠢᠨ ᠳ᠋ᠤᠭᠠᠷ ᠤᠨ ᠮᠡᠳᠡᠭᠡ ᠳᠤ᠂ ᠣᠶᠢᠷ᠎ᠠ ᠳᠤ᠂ ᠬᠤᠸᠠ  ᠴᠢᠶᠣᠤ‌‍ᠰᠤᠳᠤᠯᠭᠠᠨ ᠤ ᠭᠠᠵᠠᠷ ᠪᠢᠩᠯᠠᠩ ᠤᠨ ᠪᠦᠲᠦᠭᠡᠭᠳᠡᠬᠦᠨ ᠢ ᠲᠤᠰᠬᠠᠶ ᠪᠠᠶᠢᠴᠠᠭᠠᠬᠤ  ᠠᠵᠢᠯᠯᠠᠭ᠎ᠠ  ᠥᠷᠨᠢᠭᠦᠯᠪᠡ᠃  ᠣᠳᠣᠬᠠᠨ ᠳ᠋ᠤ᠋‌‍ᠲ᠋ᠥ᠋ᠭᠦᠮ ᠳᠡᠯᠭᠡᠭᠦᠷ᠂ ᠬᠡᠲᠦ ᠳᠡᠯᠭᠡᠭᠦᠷ ᠵᠡᠷᠭᠡ ᠢᠳᠡᠭᠡᠨ ᠤ ᠵᠦᠢᠯ ᠢ ᠡᠵᠡᠩᠨᠡᠵᠦ ᠪᠠᠶᠢᠭ᠎ᠠ ᠨᠢᠭᠡᠴᠡ ᠨᠡᠶᠢᠲᠡ 10 ᠶᠢ ᠪᠠᠶᠢᠴᠠᠭᠠᠵᠤ᠂6 ᠡᠷᠦᠬᠡ  ᠨᠢ ᠪᠢᠩᠯᠠᠩ ᠪᠣᠷᠣᠯᠠᠭᠤᠯᠵᠤ ᠪᠠᠶᠢᠭ᠎ᠠ ᠪᠠᠶᠢᠳᠠᠯ ᠢ ᠣᠯᠵᠤ ᠮᠡᠳᠡᠭᠡᠳ᠂ ᠨᠢᠭᠡᠨᠲᠡ ᠵᠠᠷᠯᠢᠭᠳᠠᠨ ᠵᠠᠬ᠎ᠠ  ᠳᠡᠯᠭᠡᠭᠦᠷ ᠡᠴᠠ‌ᠭᠠᠷᠭᠠᠪᠠ᠃ ᠰᠧᠴᠣᠸᠠᠨ ᠮᠤᠵᠢ ᠶᠢᠨ ᠨᠠᠨᠴᠦ᠋ᠩ ᠬᠤᠲᠠ ᠶᠢᠨ ᠶᠢᠩ ᠱᠠᠨ ᠰᠢᠶᠠᠨ᠂  ᠡᠮᠦᠨᠡᠲᠦ  ᠬᠡᠰᠡᠭ ᠤᠨ  ᠰᠢᠶᠠᠨ ᠤ  ᠵᠢᠶᠠᠨ‌‍ᠰᠢᠩ ᠪᠠᠯᠭᠠᠰᠤ ᠵᠡᠷᠭᠡ ᠭᠠᠵᠠᠷ ᠤᠨ ᠬᠤᠲᠠ ᠶᠢᠨ ᠬᠢᠨᠠᠯᠲᠠ ᠲᠠᠯᠪᠢᠬᠤ ᠰᠠᠯᠠᠭ᠎ᠠ ᠮᠥᠴᠢᠷ ᠪᠠᠰᠠ ᠮᠡᠳᠡᠭᠡ ᠨᠡᠶᠢᠲᠡᠯᠡᠵᠦ᠂ ᠢᠳᠡᠭᠡᠨ ‍ᠤ‌ᠡᠵᠡᠩᠨᠡᠯᠲᠡ ᠶᠢᠨ ᠲᠠᠯᠠᠪᠤᠷ  ᠲᠤ ᠪᠢᠩᠯᠠᠩ ᠪᠣᠯᠤᠨ ᠪᠢᠩᠯᠠᠩ ᠤᠨ ᠪᠦᠲᠦᠭᠡᠭᠳᠡᠬᠦᠨ   ᠬᠤᠳᠠᠯᠳᠤᠬᠤ ᠶᠢ  ᠵᠤᠭᠰᠤᠭᠠᠬᠤ  ᠬᠡᠷᠡᠭᠲᠡᠶ ᠭᠡᠵᠦ ᠱᠠᠭᠠᠷᠳᠠᠵᠠᠶ᠃              ᠪᠢᠩᠯᠠᠩ᠄ ᠥᠮᠡᠨ ᠡᠭᠦᠰᠭᠡᠬᠦ ᠲᠠᠷᠢᠭᠦᠨ ᠵᠡᠷᠭᠡ ᠶᠢᠨ ᠪᠣᠳᠠᠰ             ᠪᠢᠩᠯᠠᠩ ᠤᠨ ᠪᠡᠶ᠎ᠡ ᠨᠢ ᠶᠡᠭᠡ ᠪᠢᠰᠢ ᠪᠣᠯᠪᠠᠴᠤ᠂ ᠬᠤᠣᠷ ᠨᠢ ᠪᠠᠭ᠎ᠠ ᠪᠤᠰᠤ᠃  ᠠᠯᠢ  ᠡᠷᠲᠡ  2003  ᠣᠨ ᠳᠤ᠂ᠣᠯᠠᠨ ᠤᠯᠤᠰ ᠤᠨ ᠥᠮᠡᠨ ᠡᠪᠡᠳᠴᠢᠨ ᠤ ᠰᠤᠳᠤᠯᠭᠠᠨ ᠤ ᠲᠥᠪ ᠠᠴᠠ ᠪᠢᠩᠯᠠᠩ ᠢ ᠥᠮᠡᠨ ᠡᠭᠦᠰᠭᠡᠬᠦ  ᠲᠡᠷᠢᠭᠦᠨ  ᠵᠡᠷᠭᠡ ᠵᠢᠨ‌‍ᠪᠣᠳᠠᠰ ᠲᠤ ᠣᠷᠣᠭᠤᠯᠪᠠ᠃ ᠪᠢᠩᠯᠠᠩ ᠳᠤ ᠨᠢᠭᠡ ᠵᠥᠢᠯ ᠤᠨ ᠬᠢᠮᠢ ᠶᠢᠨ  ᠪᠣᠳᠠᠰ  ᠠᠭᠤᠯᠤᠭᠳᠠᠵᠤ  ᠪᠠᠶᠢᠳᠠᠭ᠂  ᠵᠠᠵᠢᠯᠤᠭᠰᠠᠨ ᠤ ᠳᠠᠷᠠᠭ᠎ᠠ ᠥᠮᠡᠨ ᠡᠭᠦᠰᠭᠡᠬᠦ ᠨᠢᠲᠷᠤᠲᠤ ᠨᠢᠭᠡᠳᠪᠦᠷᠢ ᠡᠭᠦᠰᠬᠦ ᠮᠥᠷᠲᠡᠭᠡᠨ ᠵᠠᠵᠢᠯᠬᠤ ᠶᠠᠪᠤᠴᠠ ᠳᠤ ᠠᠮᠠᠨ ᠬᠥᠨᠳᠡᠶ ᠶᠢᠨ ᠰᠠᠯᠢᠰᠤᠲᠤ ᠪᠦᠷᠬᠦᠪᠴᠢ ᠶᠢ ᠠᠮᠠᠷᠬᠠᠨ ᠭᠡᠮᠲᠦᠭᠡᠵᠦ᠂ ᠪᠠᠶᠢᠨ ᠳᠠᠬᠢᠨ ᠠᠮᠠᠨ ᠬᠥᠨᠳᠡᠶ ᠶᠢᠨ ᠰᠢᠷᠬᠠᠯᠠᠭ᠎ᠠ ᠡᠭᠦᠰᠭᠡᠬᠦ  ᠵᠡᠷᠭᠡ  ᠵᠣᠶᠢᠯ  ᠵᠣᠶᠢᠯ ᠤᠨ ᠡᠪᠡᠳᠴᠢᠨ ᠤ  ᠬᠤᠪᠢᠷᠠᠯᠲᠠ  ᠭᠠᠷᠳᠠᠭ᠂  ᠢᠮᠦᠷᠬᠦᠦ  ︽ᠳᠠᠪᠬᠤᠷ  ᠴᠣᠬᠢᠯᠲᠠ︾ ᠶᠢᠨ  ᠳᠤᠤᠷ᠎ᠠ  ᠬᠥᠮᠦᠨ  ᠶᠡᠷᠦ ᠨᠢ  ᠠᠮᠠᠨ‌‍ᠬᠥ᠋ᠨᠳᠡᠶ ᠶᠢᠨ ᠥᠮᠡᠨ ᠳᠤ ᠨᠡᠷᠪᠡᠭᠳᠡᠳᠡᠭ᠃ ︽ᠪᠢᠩᠯᠠᠩ   ᠢᠳᠡᠳᠡᠭ  ᠲᠣᠮᠣ  ᠮᠤᠵᠢ︾  ᠪᠣᠯᠬᠤ  ᠬᠤᠨᠠᠨ  ᠮᠤᠵᠢ ᠳᠤ᠂  ᠠᠮᠠᠨ‌‍ᠬᠥ᠋ᠨᠳᠡᠶ ᠶᠢᠨ ᠥᠮᠡᠨ ᠳᠤ ᠨᠡᠷᠪᠡᠭᠳᠡᠬᠦ ᠬᠠᠷᠢᠴᠠᠯ ᠨᠢ  ᠴᠦ  ᠪᠥᠬᠦ  ᠤᠯᠤᠰ ᠤᠨ  ᠡᠮᠦᠨ᠎ᠡ  ᠡᠩᠨᠡᠭᠡᠨ ᠳᠤ  ᠣᠷᠣᠵᠤ  ᠪᠠᠶᠢᠨ᠎ᠠ᠂ ᠵᠢᠱᠢᠶᠡᠯᠡᠪᠡᠯ 2017 ᠣᠨ ᠳᠤ ᠬᠤᠨᠠᠨ ᠮᠤᠵᠢ ᠶᠢᠨ ᠡᠷᠡᠭᠲᠡᠶ   ᠦᠮᠡᠨ‌ᠡᠪᠡᠳᠴᠢᠲᠡᠨ ᠤ  ᠲᠦᠷᠦᠭᠦᠦ  ᠠᠷᠪᠠ ᠶᠢᠨ  ᠲᠤᠲᠤᠷ᠂ ᠠᠮᠠᠨ ᠬᠥᠨᠳᠡᠶ ᠶᠢᠨ ᠥᠮᠡᠨ ᠨᠢ ᠳᠣᠯᠣᠳᠤᠭᠠᠷ ᠲᠤ ᠣᠷᠣᠵᠤ ᠪᠠᠶᠢᠨ᠎ᠠ᠃ ᠪᠢᠩᠯᠠᠩ ᠤᠨ ᠳᠣᠲᠣᠷᠠᠬᠢ ᠪᠢᠩᠯᠠᠩ ᠤᠨ  ᠱᠦᠯᠲᠦ ᠨᠢ‌‍ᠬᠥ᠋ᠮᠦᠨ ᠢ ᠰᠢᠨᠤᠯ ᠲᠠᠢ ᠪᠣᠯᠭᠠᠵᠤ᠂ ᠢᠳᠡᠬᠦ ᠶᠢ ᠲᠤᠷᠠᠯᠠᠭᠤᠯᠳᠠᠭ᠃  ᠪᠢᠩᠯᠠᠩ  ᠢᠳᠡᠳᠡᠭ  ᠴᠥᠭᠡᠨ  ᠪᠤᠰᠤ  ᠬᠥᠮᠦᠰ  ᠪᠢᠩᠯᠠᠩ‌ᠢᠳᠡᠭᠰᠡᠨ ᠤ ᠳᠠᠷᠠᠭ᠎ᠠ ᠲᠠᠷᠢᠬᠢ ᠲᠣᠯᠣᠭᠠᠶ ᠰᠡᠷᠭᠡᠭ ᠪᠣᠯᠵᠦ᠂ ᠵᠠᠵᠢᠯᠬᠤ ᠳᠤ ︽ᠶᠡᠷᠦ ᠠᠴᠠ ᠵᠤᠭᠰᠤᠬᠤ  ᠲᠤᠷ᠎ᠠ  ᠥᠬᠡᠶ︾  ᠭᠡᠵᠦ ᠢᠯᠡᠷᠬᠡᠶᠢᠯᠡᠵᠦ ᠪᠠᠶᠢᠯ᠎ᠠ᠃             ᠬᠤᠷᠢᠭ᠎ᠠ ᠴᠠᠭᠠᠵᠠ ᠬᠢᠭᠡᠳ ︽ᠪᠡᠶ᠎ᠡ ᠶᠢᠨ ᠭᠠᠷᠤᠯ︾ ᠤᠨ ᠤᠬᠠᠭᠤᠯᠭ᠎ᠠ             ᠪᠢᠩᠯᠠᠩ  ᠢᠳᠡᠬᠦ ᠨᠢ  ᠡᠷᠡᠭᠦᠯ  ᠮᠡᠨᠳᠦ ᠳᠤ  ᠨᠥᠯᠥᠭᠡ   ᠦᠵᠡᠭᠦᠯᠬᠦ  ᠨᠢ  ᠲᠡᠭᠦᠨ ᠢ  ᠤᠬᠠᠭᠤᠯᠬᠤ   ᠲᠠᠯ᠎ᠠ ᠪᠠᠷ ᠬᠢᠵᠠᠭᠠᠷᠯᠠᠭᠳᠠᠵᠤ ᠪᠤᠢ᠃ 2021 ᠣᠨ ᠤ 9 ᠰᠠᠷ᠎ᠠ ᠶᠢᠨ 17 ᠤ ᠡᠳᠦᠷ᠂  ᠤᠯᠤᠰ ᠤᠨ  ᠷᠠᠳᠢᠣ᠋  ᠲᠧᠯᠸᠢᠰ ᠤᠨ  ᠶᠡᠷᠦᠩᠬᠡᠶ ᠲᠣᠪᠴᠢᠶ᠎ᠠ ᠮᠡᠳᠡᠭᠳᠡᠯ ᠨᠡᠶᠢᠲᠡᠯᠡᠵᠦ᠂ ᠲᠣᠰ ᠡᠳᠦᠷ ᠠᠴᠠ ᠡᠬᠢᠯᠡᠨ ᠷᠠᠳᠢᠣ᠋ ᠲᠧᠯᠸᠢᠰ ᠪᠠ  ᠰᠦᠯᠵᠢᠶᠡᠨ ᠤ  ᠦᠵᠡᠵᠦ  ᠰᠣᠨᠣᠰᠬᠤ ᠫᠷᠤᠭ᠍ᠷᠠᠮ ᠢ ᠠᠰᠢᠭᠯᠠᠨ ᠪᠢᠩᠯᠠᠩ  ᠵᠢᠴᠢ  ᠲᠡᠭᠦᠨ ᠤ  ᠪᠦᠲᠦᠭᠡᠭᠳᠡᠬᠦᠨ ᠢ  ᠤᠬᠠᠭᠤᠯᠤᠨ  ᠪᠣᠷᠣᠯᠠᠭᠤᠯᠬᠤ ᠶᠢ  ᠵᠣᠭᠰᠣᠭᠠᠬᠤ ᠪᠠᠷ ᠲᠣᠭᠲᠠᠪᠠ᠃ 2021  ᠣᠨ ᠤ  3  ᠰᠠᠷ᠎ᠠ ᠳᠤ᠂  ᠤᠯᠤᠰ ᠤᠨ  ᠡᠷᠡᠭᠦᠯ  ᠬᠠᠮᠠᠭᠠᠯᠠᠯ  ᠡᠷᠡᠭᠦᠯ  ᠮᠡᠨᠳᠦ ᠶᠢᠨ  ᠵᠥᠪᠯᠡᠯ ᠤᠨ ᠨᠡᠶᠢᠲᠡᠯᠡᠭᠰᠡᠨ ︽ᠠᠷᠪᠠᠨ  ᠭᠤᠷᠪᠠᠳᠤᠭᠠᠷ  ᠬᠤᠭᠤᠴᠠᠭᠠᠨ ᠤ  ᠪᠥᠬᠦ  ᠤᠯᠤᠰ ᠤᠨ  ᠠᠷᠠᠳ ᠤᠨ  ᠲᠥᠯᠥᠭᠡᠯᠡᠭᠴᠢᠳ ᠤᠨ  ᠶᠡᠭᠡ ᠬᠤᠷᠠᠯ ᠤᠨ ᠭᠤᠷᠪᠠᠳᠤᠭᠠᠷ ᠬᠤᠷᠠᠯᠳᠤᠭᠠᠨ ᠤ 1427 ᠳ᠋ᠤᠭᠠᠷ ᠲᠣᠭᠠᠲᠤ ᠰᠠᠨᠠᠭᠤᠯᠭ᠎ᠠ ᠶᠢᠨ ᠬᠠᠷᠢᠭᠤᠯᠲᠠ︾ ᠳᠤ᠂  ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠠᠴᠠ ᠪᠢᠩᠯᠠᠩ ᠢ ᠢᠳᠡᠭᠡᠨ ᠤ  ᠰᠢᠨ᠎ᠡ  ᠲᠦᠭᠦᠬᠡᠶ  ᠮᠠᠲ᠋ᠧᠷᠢᠶᠠᠯ  ᠪᠣᠯᠭᠠᠬᠤ ᠶᠢ ᠵᠥᠪᠰᠢᠶᠡᠷᠡᠭᠰᠡᠨ ᠥᠬᠡᠶ᠂ ᠲᠡᠭᠦᠨ ᠢ ᠢᠳᠡᠭᠡᠨ ᠤ ᠵᠥᠢᠯ ᠡᠮ ᠤᠨ ᠵᠣᠶᠢᠯ ᠤᠨ ᠭᠠᠷᠴᠠᠭ ᠲᠤ ᠣᠷᠣᠭᠤᠯᠤᠭᠰᠠᠨ ᠥᠬᠡᠶ᠂ ᠪᠢᠩᠯᠠᠩ ︵ᠵᠢᠮᠢᠰ︶ ᠨᠢ ᠴᠦ ᠢᠳᠡᠭᠡᠨ ᠤ ᠠᠮᠤᠷ ᠲᠦᠪᠰᠢᠨ ᠤ  ᠪᠠᠷᠢᠮᠵᠢᠶ᠎ᠠ  ᠲᠣᠭᠲᠠᠭᠠᠬᠤ ᠳᠤ  ᠲᠣᠬᠢᠷᠠᠮᠵᠢ  ᠥᠬᠡᠶ  ᠭᠡᠵᠦ  ᠲᠣᠳᠣᠷᠬᠠᠶ ᠢᠯᠡᠷᠬᠡᠶᠢᠯᠡᠪᠡ᠃
ᠢᠷᠡᠯᠲᠡ᠄ ᠠᠷᠠᠳ ᠤᠨ ᠰᠦᠯᠵᠢᠶ᠎ᠡ