ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠨᠠᠰᠤᠵᠢᠯ ᠤᠨ ᠳᠠᠭᠠᠳᠬᠠᠯ  ᠢ ᠲᠠ  ᠣᠶᠢᠯᠠᠭᠠᠨ᠎ᠠ ᠦᠦ︖
ᠨᠡᠶᠢᠲᠡᠯᠡᠭᠰᠡᠨ ᠴᠠᠭ᠄
2022/9/21
      ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠨᠠᠰᠤᠵᠢᠯ ᠤᠨ ᠳᠠᠭᠠᠳᠬᠠᠯ  ᠤᠨ ᠬᠡᠷᠬᠢᠨ  ᠰᠦᠢᠳᠭᠡᠯ  ᠲᠤᠰᠢᠶᠠᠬᠤ᠂ ᠳᠠᠭᠠᠳᠬᠠᠯ ᠠᠪᠬᠤ ᠵᠡᠷᠭᠡ ᠬᠠᠯᠠᠭᠤᠨᠲᠠᠢ ᠠᠰᠠᠭᠤᠳᠠᠯ ᠳᠤ ᠴᠢᠭᠯᠡᠭᠦᠯᠦᠨ᠂ ᠣᠶᠢᠷ᠎ᠠ ᠳᠤ᠂ ᠰᠤᠷᠪᠤᠯᠵᠢᠯᠠᠭᠴᠢ ᠦᠪᠣᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠮᠦᠨ ᠤ ᠬᠦᠴᠦᠨ ᠤ ᠡᠬᠢ  ᠪᠠᠶᠠᠯᠢᠭ  ᠪᠠ  ᠨᠡᠶᠢᠭᠡᠮ ᠤᠨ  ᠪᠠᠲᠤᠯᠠᠭ᠎ᠠ ᠶᠢᠨ  ᠲᠢᠩᠬᠢᠮ ‍ᠤᠨ‌ᠬᠠᠮᠢᠶ᠎ᠠ ᠪᠥᠬᠦᠶ ᠬᠠᠷᠢᠭᠤᠴᠠᠯᠭᠠᠲᠠᠨ ᠢ ᠰᠤᠷᠪᠤᠯᠵᠢᠯᠠᠪᠠ᠃              ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠨᠠᠰᠤᠵᠢᠯ ᠤᠨ ᠳᠠᠭᠠᠳᠬᠠᠯ ᠳᠤ ᠣᠷᠣᠯᠴᠠᠬᠤ ᠨᠢ  ᠶᠠᠮᠠᠷ ᠶᠠᠮᠠᠷ ᠰᠠᠶᠢᠨ ᠲᠠᠯ᠎ᠠ ᠲᠠᠢ ᠪᠣᠶ︖               ᠪᠦᠬᠦᠯᠢ 60 ᠨᠠᠰᠤ ᠬᠦᠷᠴᠦ᠂ ᠪᠦᠬᠦᠯᠢ 15 ᠵᠢᠯ ᠰᠦᠢᠳᠬᠡᠯ ᠲᠤᠰᠢᠶᠠᠭᠰᠠᠨ ᠪᠣᠯ  ᠨᠠᠰᠤᠵᠢᠯ ᠤᠨ  ᠠᠰᠠᠷᠠᠮᠵᠢ ᠶᠢᠨ ᠮᠥᠩᠭᠦ ᠶᠢᠨ ᠣᠯᠭᠤᠮᠵᠢ ᠬᠦᠷᠲᠡᠵᠦ ᠪᠣᠯᠤᠨ᠎ᠠ᠃ ᠰᠦᠢᠳᠬᠡᠯ ᠲᠤᠰᠢᠶᠠᠬᠤ ᠳᠡᠰ  ᠨᠢᠭᠡᠪᠦᠷᠢ ᠳᠤ  ᠵᠠᠰᠠᠭ ᠤᠨ  ᠣᠷᠳᠣᠨ  ᠴᠥᠮ ᠨᠥᠬᠦᠪᠥᠷᠢ ᠥᠭᠴᠦ᠂ ᠢᠯᠡᠭᠦᠦ ᠲᠤᠰᠢᠶᠠᠪᠠᠯ ᠢᠯᠡᠭᠦᠦ ᠣᠯᠵᠤ᠂ ᠤᠷᠲᠤ ᠬᠤᠭᠤᠴᠠᠭ᠎ᠠ ᠪᠠᠷ ᠲᠤᠰᠢᠶᠠᠪᠠᠯ ᠢᠯᠡᠭᠦᠦ  ᠣᠯᠤᠨ᠎ᠠ᠃ ᠨᠠᠰᠤᠵᠢᠯ ᠤᠨ ᠠᠰᠠᠷᠠᠮᠵᠢ ᠶᠢᠨ ᠮᠥᠩᠭᠦ ᠠᠪᠴᠤ ᠪᠠᠶᠢᠭ᠎ᠠ ᠬᠥᠮᠦᠰ ᠲᠤ᠂ ᠬᠤᠪᠢ ᠬᠥᠮᠦᠨ ᠤ ᠲᠠᠩᠰᠠᠨ ᠡᠷᠦᠬᠡ ᠶᠢᠨ ᠨᠠᠰᠤᠵᠢᠯ ᠤᠨ ᠠᠰᠠᠷᠠᠮᠵᠢ ᠶᠢᠨ ᠮᠥᠩᠭᠦ ᠣᠯᠭᠤᠭᠰᠠᠨ ᠰᠠᠭᠤᠷᠢᠨ ᠳᠡᠭᠡᠷ᠎ᠡ᠂ ᠵᠠᠰᠠᠭ ᠤᠨ ᠣᠷᠳᠣᠨ ᠠᠴᠠ ᠬᠥᠮᠦᠨ  ᠨᠢᠭᠡᠪᠦᠷᠢ ᠳᠤ  ᠰᠠᠷ᠎ᠠ  ᠪᠦᠷᠢ ᠨᠠᠭᠠᠳᠤ ᠵᠠᠬ᠎ᠠ  ᠳᠠᠭᠠᠨ 140 ᠲᠥᠭᠦᠷᠢᠭ ᠤᠨ ᠰᠠᠭᠤᠷᠢ ᠨᠠᠰᠤᠵᠢᠯ ᠤᠨ ᠮᠥᠩᠭᠦ ᠣᠯᠭᠤᠨ᠎ᠠ᠃ ᠤᠯᠤᠰ ᠠᠴᠠ  ᠳᠠᠭᠠᠳᠬᠠᠯ ᠳᠤ ᠣᠷᠣᠯᠴᠠᠭᠰᠠᠨ ᠰᠠᠭᠤᠭᠠᠯᠢ ᠠᠷᠠᠳ ᠤᠨ ᠳᠠᠭᠠᠳᠬᠠᠯ ᠤᠨ ᠵᠠᠷᠤᠳᠠᠯ ᠢ ᠨᠢᠭᠡᠳᠦᠯᠲᠡᠶ ᠪᠠᠷ ᠪᠠᠯᠠ ᠣᠷᠣᠭᠤᠯᠤᠨ ᠡᠵᠡᠩᠨᠡᠵᠦ᠂ ᠠᠰᠢᠭ ᠣᠷᠣᠯᠭ᠎ᠠ ᠶᠢ ᠬᠤᠪᠢ ᠬᠥᠮᠦᠨ ᠤ ᠲᠠᠩᠰᠠᠨ ᠡᠷᠦᠬᠡ ᠳᠤ ᠪᠤᠳᠤᠵᠤ ᠣᠷᠣᠭᠤᠯᠤᠨ᠎ᠠ᠃             ᠬᠤᠲᠠ ᠬᠥᠳᠡᠭᠡ ᠶᠢᠨ ᠰᠠᠭᠤᠭᠠᠯᠢ ᠠᠷᠠᠳ ᠤᠨ  ᠨᠠᠰᠤᠵᠢᠯ ᠤᠨ  ᠳᠠᠭᠠᠳᠬᠠᠯ  ᠳᠤ  ᠬᠡᠳᠦᠶ  ᠵᠢᠯ   ᠳᠠᠭᠠᠳᠬᠠᠯ ᠤᠨ ᠰᠦᠢᠳᠭᠡᠯ ᠲᠤᠰᠢᠶᠠᠬᠤ ᠪᠣᠶ︖             ᠬᠥᠳᠡᠭᠡ  ᠲᠣᠰᠬᠤᠨ ᠤ  ᠰᠢᠨ᠎ᠡ  ᠮᠠᠶ᠋ᠢᠭ ᠤᠨ  ᠳᠠᠭᠠᠳᠬᠠᠯ᠂  ᠬᠤᠲᠠ  ᠬᠥᠳᠡᠭᠡ ᠶᠢᠨ   ᠰᠠᠭᠤᠭᠠᠯᠢ   ᠠᠷᠠᠳ ᠤᠨ ᠨᠠᠰᠤᠵᠢᠯ ᠤᠨ ᠳᠠᠭᠠᠳᠬᠠᠯ ᠢ ᠬᠡᠷᠡᠭᠵᠢᠭᠦᠯᠦᠭᠰᠡᠨ ᠡᠳᠦᠷ ᠠᠴᠠ ᠡᠬᠢᠯᠡᠨ᠂ ᠣᠯᠭᠤᠮᠵᠢ ᠠᠪᠬᠤ ᠨᠠᠰᠤ ᠨᠢ 15 ᠵᠢᠯ ᠬᠥᠷᠬᠦ ᠥᠬᠡᠶ ᠳᠠᠭᠠᠳᠬᠠᠯ ᠳᠤ ᠣᠷᠣᠯᠴᠠᠭᠰᠠᠳ ᠲᠣᠭᠲᠠᠭᠠᠯ ᠶᠣᠰᠣᠭᠠᠷ ᠵᠢᠯ ᠳᠠᠷᠠᠭᠠᠯᠠᠨ ᠰᠦᠢᠳᠭᠡᠯ ᠲᠤᠰᠢᠶᠠᠬᠤ ᠶᠢᠨ ᠬᠠᠮᠲᠤ᠂ ᠪᠦᠬᠦᠯᠢ  15ᠵᠢᠯ  ᠨᠥᠬᠦᠪᠥᠷᠢᠯᠡᠨ  ᠲᠤᠰᠢᠶᠠᠵᠤ᠂  ᠨᠥᠬᠦᠪᠥᠷᠢᠯᠡᠨ  ᠲᠤᠰᠢᠶᠠᠭᠰᠠᠨ  ᠬᠡᠰᠡᠭ ᠨᠢ  ᠵᠠᠰᠠᠭ ᠤᠨ  ᠣᠷᠳᠣᠨ ᠤ   ᠨᠥᠬᠦᠪᠥᠷᠢ ᠶᠢ ᠭᠥᠷᠳᠡᠨ᠎ᠡ︔ ᠣᠯᠭᠤᠮᠵᠢ ᠠᠪᠬᠤ ᠨᠠᠰᠤ ᠨᠢ 15 ᠵᠢᠯ ᠠᠴᠠ ᠬᠡᠲᠦᠷᠡᠭᠰᠡᠨ ᠪᠠᠶᠢᠪᠠᠯ᠂ ᠲᠣᠭᠲᠠᠭᠠᠯ  ᠶᠣᠰᠣᠭᠠᠷ  ᠵᠢᠯ  ᠳᠠᠷᠠᠭᠠᠯᠠᠨ ᠰᠦᠢᠳᠭᠡᠯ ᠲᠤᠰᠢᠶᠠᠵᠤ᠂ ᠨᠡᠶᠢᠲᠡ ᠰᠦᠢᠳᠭᠡᠯ ᠲᠤᠰᠢᠶᠠᠭᠰᠠᠨ ᠣᠨ ᠵᠢᠯ ᠢ  15  ᠵᠢᠯ ᠠᠴᠠ  ᠳᠤᠲᠠᠭᠤ  ᠪᠠᠶᠢᠯᠭᠠᠵᠤ  ᠪᠣᠯᠬᠤ ᠥᠬᠡᠶ᠃             ᠳᠠᠭᠠᠳᠬᠠᠯ ᠳᠤ ᠣᠷᠣᠯᠴᠠᠭᠰᠠᠨ ᠥᠬᠡᠶ ᠪᠦᠬᠦᠯᠢ 60 ᠨᠠᠰᠤᠨ ᠠᠴᠠ ᠳᠡᠭᠡᠭᠰᠢᠬᠢ ᠬᠥᠮᠦᠰ  ᠬᠡᠷᠬᠢᠨ  ᠳᠠᠭᠠᠳᠬᠠᠯ ᠳᠤ ᠣᠷᠣᠯᠴᠠᠬᠤ ᠪᠠ ᠣᠯᠭᠤᠮᠵᠢ ᠭᠥᠷᠳᠡᠬᠦ ᠪᠣᠶ︖              ᠪᠦᠬᠦᠯᠢ 60 ᠨᠠᠰᠤᠨ ᠠᠴᠠ ᠳᠡᠭᠡᠭᠰᠢᠬᠢ ᠳᠠᠭᠠᠳᠬᠠᠯ ᠳᠤ ᠣᠷᠣᠯᠴᠠᠭᠰᠠᠨ ᠥᠬᠡᠶ ᠬᠥᠮᠦᠰ ᠨᠢᠭᠡ ᠯᠡ  ᠤᠳᠠᠭ᠎ᠠ ᠶᠢᠨ ᠴᠢᠨᠠᠷᠲᠠᠶ ᠳᠠᠭᠠᠳᠬᠠᠯ ᠤᠨ ᠰᠦᠢᠳᠭᠡᠯ ᠢ ᠨᠥᠬᠦᠪᠥᠷᠢᠯᠡᠨ ᠲᠤᠰᠢᠶᠠᠬᠤ ᠠᠷᠭ᠎ᠠ ᠮᠠᠶ᠋ᠢᠭ ᠢᠶᠠᠷ ᠳᠠᠮᠵᠢᠭᠤᠯᠤᠨ᠂ ᠬᠤᠲᠠ ᠬᠥᠳᠡᠭᠡ ᠶᠢᠨ ᠰᠠᠭᠤᠭᠠᠯᠢ   ᠠᠷᠠᠳ ᠤᠨ   ᠨᠠᠰᠤᠵᠢᠯ ᠤᠨ   ᠳᠠᠭᠠᠳᠬᠠᠯ ᠳᠤ   ᠣᠷᠣᠯᠴᠠᠵᠤ᠂   ᠰᠦᠢᠳᠭᠡᠯ   ᠲᠤᠰᠢᠶᠠᠭᠰᠠᠨ ᠤ   ᠳᠠᠷᠠᠭ᠎ᠠ ᠰᠠᠷ᠎ᠠ  ᠠᠴᠠ ᠣᠯᠭᠤᠮᠵᠢ ᠭᠥᠷᠳᠡᠵᠦ ᠪᠣᠯᠤᠨ᠎ᠠ᠂ ᠭᠡᠪᠡᠴᠦ ᠵᠠᠰᠠᠭ ᠤᠨ ᠣᠷᠳᠣᠨ ᠤ ᠰᠦᠢᠳᠭᠡᠯ ᠲᠤᠰᠢᠶᠠᠭᠰᠠᠨ ᠨᠥᠬᠦᠪᠥᠷᠢ ᠭᠥᠷᠳᠡᠬᠦ ᠥᠬᠡᠶ᠃             ᠣᠨᠴᠠᠭᠠᠢ ᠬᠦᠴᠢᠷᠳᠡᠯ ᠲᠠᠢ ᠬᠦᠮᠤᠰ ᠬᠤᠲᠠ ᠬᠥᠳᠡᠭᠡ ᠶᠢᠨ ᠰᠠᠭᠤᠭᠠᠯᠢ ᠠᠷᠠᠳ ᠤᠨ  ᠨᠠᠰᠤᠵᠢᠯ ᠤᠨ  ᠠᠰᠠᠷᠠᠮᠵᠢ ᠶᠢᠨ ᠳᠠᠭᠠᠳᠬᠠᠯ ᠳᠤ ᠣᠷᠣᠯᠴᠠᠬᠤ ᠳᠤ ᠶᠠᠮᠠᠷ ᠶᠠᠮᠠᠷ ᠲᠡᠳᠬᠦᠨ ᠳᠡᠮᠵᠢᠬᠦ ᠲᠥᠷᠥ ᠶᠢᠨ ᠪᠣᠳᠣᠯᠭ᠎ᠠ ᠪᠠᠢᠬᠤ ᠪᠤᠢ︖              ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠭᠥᠷᠳᠡᠭᠰᠡᠳ᠂ ᠣᠨᠴᠠ ᠬᠦᠴᠢᠷᠳᠡᠯᠲᠡᠶ  ᠬᠥᠮᠦᠰ᠂  ᠶᠠᠳᠠᠭᠤ  ᠪᠤᠶᠤ ᠲᠠᠬᠢᠵᠦ ᠶᠠᠳᠠᠭᠤᠷᠠᠭᠰᠠᠨ ᠬᠥᠮᠦᠰ᠂ ᠨᠥᠬᠦᠴᠡᠯ ᠳᠤ ᠨᠡᠶᠢᠴᠡᠬᠦ ᠲᠥᠯᠥᠪᠯᠡᠭᠡᠲᠦ  ᠦᠷᠡᠵᠢᠯ ᠤᠨ  ᠤᠨᠴᠠᠭᠠᠢ  ᠬᠡᠷ  ᠪᠦᠯᠢ  ᠵᠡᠷᠭᠡ ᠰᠦᠢᠳᠭᠡᠯ ᠲᠤᠰᠢᠶᠠᠬᠤ ᠬᠦᠴᠢᠷᠳᠡᠯᠲᠡᠶ ᠬᠥᠮᠦᠰ ᠲᠤ  ᠵᠠᠰᠠᠭ ᠤᠨ  ᠣᠷᠳᠣᠨ ᠠᠴᠠ  100  ᠲᠥᠭᠦᠷᠢᠭ ᠤᠨ  ᠪᠠᠷᠢᠮᠵᠢᠶ᠎ᠠ ᠪᠠᠷ ᠲᠡᠳᠡᠨ ᠳᠤ ᠨᠠᠰᠤᠵᠢᠯ ᠤᠨ ᠳᠠᠭᠠᠳᠬᠠᠯ ᠤᠨ  ᠰᠦᠢᠳᠭᠡᠯ  ᠣᠷᠣᠯᠠᠨ  ᠲᠤᠰᠢᠶᠠᠵᠤ  ᠥᠭᠭᠦᠨ᠎ᠡ᠃  ᠬᠦᠨᠳᠦ  ᠵᠡᠮᠳᠡᠭᠴᠦᠳ ᠲᠤ ᠵᠠᠰᠠᠭ ᠤᠨ ᠣᠷᠳᠣᠨ ᠠᠴᠠ 200 ᠲᠥᠭᠦᠷᠢᠭ ᠤᠨ ᠪᠠᠷᠢᠮᠵᠢᠶ᠎ᠠ ᠪᠠᠷ  ᠨᠠᠰᠤᠵᠢᠯ ᠤᠨ  ᠳᠠᠭᠠᠳᠬᠠᠯ ᠤᠨ  ᠰᠦᠢᠳᠭᠡᠯ  ᠣᠷᠣᠯᠠᠨ‌‍ᠲ᠋ᠤᠰᠢᠶᠠᠵᠤ  ᠥᠭᠭᠦᠨ᠎ᠡ᠃  ᠬᠦᠴᠢᠷᠳᠡᠯᠲᠡᠶ  ᠬᠠᠮᠳᠤ  ᠨᠡᠶᠢᠲᠡ ᠶᠢᠨ  ᠬᠤᠪᠢ   ᠬᠥᠮᠦᠨ ᠤ   ᠰᠦᠢᠳᠭᠡᠯ   ᠲᠤᠰᠢᠶᠠᠬᠤ ᠪᠠᠨ‌ᠨᠡᠮᠡᠭᠳᠡᠭᠦᠯᠬᠦ ᠶᠢ ᠵᠥᠪᠰᠢᠶᠡᠷᠡᠵᠦ᠂ ᠰᠦᠢᠳᠭᠡᠯ ᠲᠤᠰᠢᠶᠠᠭᠰᠠᠨ ᠤ ᠳᠠᠷᠠᠭ᠎ᠠ ᠵᠣᠬᠢᠬᠤ ᠲᠠᠰ ᠶᠣᠰᠣᠭᠠᠷ  ᠰᠦᠢᠳᠭᠡᠯ  ᠲᠤᠰᠢᠶᠠᠭᠰᠠᠨ‌ᠨᠥ᠋ᠬᠦᠪᠥᠷᠢ ᠬᠦᠷᠲᠡᠭᠡᠨ᠎ᠡ᠃              ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠨᠠᠰᠤᠵᠢᠯ ᠤᠨ ᠳᠠᠭᠠᠳᠬᠠᠯ ᠪᠠ  ᠬᠤᠲᠠ  ᠬᠥᠳᠡᠭᠡ ᠶᠢᠨ  ᠰᠠᠭᠤᠭᠠᠯᠢ‌ᠠᠷᠠᠳ ᠤᠨ ᠨᠠᠰᠤᠵᠢᠯ ᠤᠨ ᠳᠠᠭᠠᠳᠬᠠᠯ ᠢ ᠬᠠᠷᠢᠯᠴᠠᠨ‌ᠵᠣᠯᠭᠠᠭᠤᠯᠵᠤ ᠪᠣᠯᠬᠤ ᠦᠦ︖              ᠵᠣᠯᠭᠠᠭᠤᠯᠬᠤ ᠪᠠᠷ ᠭᠤᠶᠤᠴᠢᠯᠠᠵᠤ ᠪᠣᠯᠤᠨ᠎ᠠ᠃ ᠠᠵᠢᠯᠲᠠᠨ ᠠᠵᠢᠯᠴᠢᠨ ᠤ ᠨᠠᠰᠤᠵᠢᠯ ᠤᠨ ᠳᠠᠭᠠᠳᠬᠠᠯ ᠤᠨ  ᠬᠠᠤᠯᠢ ᠪᠠᠷ ᠲᠣᠭᠲᠠᠭᠠᠭᠰᠠᠨ  ᠨᠠᠰᠤᠨ ᠤ  ᠠᠮᠠᠷᠠᠯᠲᠠ ᠶᠢᠨ  ᠨᠠᠰᠤᠨ ᠳᠤ  ᠬᠦᠷᠴᠤ᠂  ᠬᠤᠲᠠ  ᠪᠠᠯᠭᠠᠰᠤ ᠶᠢᠨ  ᠠᠵᠢᠯᠲᠠᠨ   ᠠᠵᠢᠯᠴᠢᠨ ᠤ ᠨᠠᠰᠤᠵᠢᠯ ᠤᠨ ᠠᠰᠠᠷᠠᠮᠵᠢ ᠶᠢᠨ ᠣᠯᠭᠤᠮᠵᠢ ᠠᠪᠬᠤ ᠨᠥᠬᠦᠴᠡᠯ ᠳᠤ ᠨᠡᠶᠢᠴᠡᠭᠰᠡᠨ ᠪᠠᠶᠢᠪᠠᠯ᠂  ᠬᠤᠲᠠ  ᠬᠥᠳᠡᠭᠡ ᠶᠢᠨ  ᠰᠠᠭᠤᠭᠠᠯᠢ ᠠᠷᠠᠳ ᠤᠨ ᠨᠠᠰᠤᠵᠢᠯ ᠤᠨ ᠳᠠᠭᠠᠳᠬᠠᠯ ᠢᠶᠠᠨ ᠬᠤᠲᠠ ᠪᠠᠯᠭᠠᠰᠤ ᠶᠢᠨ ᠠᠵᠢᠯᠲᠠᠨ ᠠᠵᠢᠯᠴᠢᠨ ᠤ  ᠨᠠᠰᠤᠵᠢᠯ ᠤᠨ  ᠳᠠᠭᠠᠳᠬᠠᠯ ᠳᠤ ᠰᠢᠯᠵᠢᠭᠦᠯᠦᠨ ᠣᠷᠣᠭᠤᠯᠬᠤ ᠪᠠᠷ ᠭᠤᠶᠤᠴᠢᠯᠠᠵᠤ ᠪᠣᠯᠤᠨ᠎ᠠ︔ ᠬᠤᠲᠠ ᠪᠠᠯᠭᠠᠰᠤ ᠶᠢᠨ  ᠠᠵᠢᠯᠲᠠᠨ  ᠠᠵᠢᠯᠴᠢᠨ ᠤ  ᠨᠠᠰᠤᠵᠢᠯ ᠤᠨ ᠠᠰᠠᠷᠠᠮᠵᠢ  ᠶᠢᠨ ᠣᠯᠭᠤᠮᠵᠢ  ᠠᠪᠬᠤ  ᠨᠥᠬᠦᠴᠡᠯ ᠳᠤ  ᠨᠡᠶᠢᠴᠡᠬᠦ  ᠦᠭᠡᠶ  ᠪᠣᠯ᠂  ᠰᠦᠢᠳᠭᠡᠯ  ᠲᠤᠰᠢᠶᠠᠬᠤ    ᠨᠥᠬᠦᠴᠡᠯ ᠳᠤ ᠨᠡᠶᠢᠴᠡᠭᠰᠡᠨ ᠤ ᠳᠠᠷᠠᠭ᠎ᠠ ᠬᠦᠷᠲᠡᠯ᠎ᠡ ᠤᠷᠲᠤᠳᠬᠠᠵᠤ ᠪᠣᠯᠤᠨ᠎ᠠ᠂  ᠳᠠᠬᠢᠭᠠᠳ  ᠬᠤᠲᠠ  ᠬᠥᠳᠡᠭᠡ ᠶᠢᠨ  ᠰᠠᠭᠤᠭᠠᠯᠢ  ᠠᠷᠠᠳ ᠤᠨ ᠨᠠᠰᠤᠵᠢᠯ ᠤᠨ ᠳᠠᠭᠠᠳᠬᠠᠯ ᠤᠨ ᠬᠤᠪᠢ ᠬᠥᠮᠦᠨ ᠤ ᠳᠠᠩᠰᠠᠨ  ᠡᠷᠦᠬᠡ ᠶᠢᠨ  ᠪᠦᠬᠦ  ᠬᠠᠳᠠᠭᠠᠯᠠᠮᠵᠢ ᠶᠢᠨ  ᠲᠤᠭ᠎ᠠ ᠶᠢ  ᠠᠵᠢᠯᠲᠠᠨ ᠠᠵᠢᠯᠴᠢᠨ ᠤ ᠨᠠᠰᠤᠵᠢᠯ ᠤᠨ ᠳᠠᠭᠠᠳᠬᠠᠯ ᠤᠨ ᠬᠤᠪᠢ ᠬᠥᠮᠦᠨ ᠤ ᠳᠠᠩᠰᠠᠨ ᠡᠷᠦᠬᠡ ᠳᠤ ᠰᠢᠯᠵᠢᠭᠦᠯᠦᠨ ᠣᠷᠣᠭᠤᠯᠤᠨ᠎ᠠ᠂ ᠭᠡᠪᠡᠴᠦ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠨᠠᠰᠤᠵᠢᠯ ᠤᠨ ᠳᠠᠭᠠᠳᠬᠠᠯ ᠤᠨ ᠰᠦᠢᠳᠭᠡᠯ ᠲᠤᠰᠢᠶᠠᠭᠰᠠᠨ ᠵᠢᠯ ᠬᠤᠭᠤᠴᠠᠭ᠎ᠠ ᠶᠢ ᠠᠵᠢᠯᠲᠠᠨ  ᠠᠵᠢᠯᠴᠢᠨ ᠤ  ᠨᠠᠰᠤᠵᠢᠯ ᠤᠨ  ᠳᠠᠭᠠᠳᠬᠠᠯ ᠤᠨ  ᠰᠦᠢᠳᠭᠡᠯ  ᠲᠤᠰᠢᠶᠠᠭᠰᠠᠨ  ᠵᠢᠯ  ᠬᠤᠭᠤᠴᠠᠭ᠎ᠠ ᠳᠤ   ᠪᠣᠳᠣᠵᠤ ᠣᠷᠣᠭᠤᠯᠬᠤ ᠦᠭᠡᠶ᠃ 
ᠢᠷᠡᠯᠲᠡ᠄ ᠠᠷᠠᠳ ᠤᠨ ᠰᠦᠯᠵᠢᠶ᠎ᠡ