ᠤᠷᠠᠳ ᠤᠨ ᠡᠮᠦᠨᠡᠲᠦ ᠬᠤᠰᠢᠭᠤᠨ ᠤ ᠰᠣᠶᠣᠯ ᠲᠠᠮᠢᠷ ᠤᠨ ᠬᠦᠷᠢᠶᠡᠯᠡᠩ ᠲᠣᠭᠤᠷᠢᠭ ᠢ ᠵᠢᠩᠬᠢᠨᠢ ᠪᠠᠷ ᠨᠡᠶᠢᠭᠡᠮ ᠳᠤ ᠬᠠᠨᠳᠤᠭᠤᠯᠤᠨ ᠨᠡᠭᠡᠭᠡᠪᠡ
ᠨᠡᠶᠢᠲᠡᠯᠡᠭᠰᠡᠨ ᠴᠠᠭ᠄
2022/9/21
     9 ᠰᠠᠷ᠎ᠠ ᠶᠢᠨ 15 ᠤ ᠡᠳᠦᠷ᠂ ᠶᠡᠷᠦᠩᠬᠡᠶ ᠲᠠᠯᠠᠪᠠᠶ ᠨᠢ 27. 4 ᠲᠦᠮᠡᠨ ᠲᠡᠭᠰᠢ ᠳᠥᠷᠪᠡᠯᠵᠢᠨ ᠮᠧᠲᠷ᠂ ︽ᠬᠥᠳᠡᠯᠭᠡᠭᠡᠨ᠂ ᠰᠡᠯᠡᠭᠦᠴᠡᠯ᠂ ᠠᠮᠢ ᠠᠬᠤᠶ᠂ ᠰᠣᠶᠣᠯ︾ ᠵᠡᠷᠭᠡ ᠴᠢᠳᠠᠮᠵᠢ ᠶᠢ ᠨᠢᠭᠡ ᠴᠣᠭᠴᠠᠵᠢᠭᠤᠯᠤᠭᠰᠠᠨ ᠤᠷᠠᠳ ᠤᠨ ᠡᠮᠦᠨᠡᠲᠦ ᠬᠤᠰᠢᠭᠤᠨ ᠤ ᠰᠣᠶᠣᠯ ᠪᠡᠶ᠎ᠡ ᠶᠢᠨ ᠲᠠᠮᠢᠷ ᠤᠨ ᠬᠦᠷᠢᠶᠡᠯᠡᠩ ᠲᠣᠭᠤᠷᠢᠭ ᠢ ᠵᠢᠩᠬᠢᠨᠢ ᠪᠠᠷ ᠨᠡᠶᠢᠭᠡᠮ ᠳᠤ ᠬᠠᠨᠳᠤᠭᠤᠯᠤᠨ ᠨᠡᠭᠡᠭᠡᠪᠡ᠃ 

开园1.jpg

     ᠬᠦᠷᠢᠶᠡᠯᠡᠩ ᠢ ᠨᠡᠭᠡᠭᠡᠯᠲᠡ ᠬᠢᠭᠰᠡᠨ ᠠᠴᠠ ᠨᠠᠰᠢ᠂ ᠡᠳᠦᠷ ᠪᠦᠷᠢ ᠦᠢ ᠣᠯᠠᠨ ᠬᠤᠲᠠ ᠶᠢᠨ ᠠᠷᠠᠳ ᠪᠡᠶ᠎ᠡ  ᠴᠢᠭᠢᠷᠠᠭᠵᠢᠭᠤᠯᠤᠨ᠂ ᠵᠤᠭᠠᠴᠠᠬᠤ ᠪᠠᠷ ᠢᠷᠡᠵᠦ

ᠪᠠᠶᠢᠯ᠎ᠠ᠃ ᠬᠦᠯ ᠪᠥᠮᠪᠦᠭᠡ ᠤᠨ ᠲᠠᠯᠠᠪᠤᠷ ᠲᠤ ᠬᠡᠦᠬᠡᠳ ᠤᠳ ᠤᠨ ᠪᠥᠮᠪᠦᠭᠡ ᠢᠰᠬᠦᠯᠵᠦ ᠪᠠᠶᠢᠬᠤ ᠪᠠᠷ᠎ᠠ ᠬᠠ ᠶᠠ ᠦᠭᠡᠢ ᠬᠠᠷᠠᠭᠳᠠᠵᠤ᠂ ᠵᠤᠭ᠎ᠠ ᠴᠡᠩᠭᠡᠯ ᠤᠨ

ᠲᠥᠬᠦᠭᠡᠷᠦᠮᠵᠢ ᠶᠢᠨ ᠲᠣᠭᠤᠷᠢᠭ ᠲᠤ ᠬᠡᠦᠬᠡᠳ ᠤᠳ ᠤᠨ ᠪᠠᠶᠠᠷ ᠬᠦᠷ ᠲᠠᠢ ᠲᠣᠭᠯᠠᠵᠤ ᠪᠠᠶᠢᠬᠤ ᠢᠨᠢᠶᠡᠳᠦ ᠪᠠᠷ ᠪᠢᠯᠬᠠᠵᠤ᠂ ᠬᠦᠷᠢᠶᠡᠯᠡᠩ  ᠳᠤ ᠰᠡᠯᠡᠭᠦᠴᠡᠨ

ᠠᠯᠬᠤᠵᠤ ᠪᠠᠶᠢᠭ᠎ᠠ ᠬᠤᠳᠠ ᠶᠢᠨ ᠠᠷᠠᠳ ᠭᠠᠵᠠᠷ ᠪᠣᠯᠭᠠᠨ ᠬᠠᠷᠠᠭᠳᠠᠨ᠎ᠠ᠃ ᠣᠷᠴᠢᠨ ᠲᠣᠭᠤᠷᠢᠨ ᠭᠤᠶᠢᠳᠠ ᠰᠠᠶᠢᠬᠠᠨ᠂ ᠴᠢᠳᠠᠮᠵᠢ ᠪᠦᠷᠢᠨ ᠲᠡᠭᠦᠯᠳᠡᠷ ᠬᠦᠷᠢᠶᠡᠯᠡᠩ

ᠲᠣᠭᠤᠷᠢᠭ ᠨᠢ ᠲᠤᠬᠠᠢ ᠶᠢᠨ ᠭᠠᠵᠠᠷ ᠤᠨ ᠬᠤᠳᠠ ᠶᠢᠨ ᠠᠷᠠᠳ ᠤᠨ ᠪᠡᠶ᠎ᠡ ᠴᠢᠭᠢᠷᠠᠭᠵᠢᠭᠤᠯᠬᠤ ᠂ ᠵᠤᠭ᠎ᠠ ᠴᠡᠩᠭᠡᠯ ᠰᠡᠯᠡᠭᠦᠴᠡᠯ ᠤᠨ ᠰᠠᠶᠢᠨ ᠭᠠᠵᠠᠷ ᠪᠣᠯᠪᠠ᠃ 

开园2.jpg

开园4.jpg

开园5.jpg

开园6.jpg

     ᠣᠶᠢᠯᠠᠭᠠᠭᠰᠠᠨ ᠢᠶᠠᠷ᠂ ᠰᠣᠶᠣᠯ ᠪᠡᠶ᠎ᠡ ᠶᠢᠨ ᠲᠠᠮᠢᠷ ᠤᠨ ᠬᠦᠷᠢᠶᠡᠯᠡᠩ ᠨᠢ ᠰᠣᠶᠣᠯ ᠬᠢᠭᠡᠳ ᠪᠡᠶ᠎ᠡ ᠶᠢᠨ ᠲᠠᠮᠢᠷ ᠤᠨ ᠬᠤᠤᠰ ᠡᠯᠧᠮᠧᠨ᠋ᠲ  ᠶᠢ ᠠᠭᠤᠰᠤᠯᠴᠠᠭᠤᠯᠵᠤ

᠂ ᠬᠡᠷ ᠤᠨ ᠭᠠᠳᠠᠨᠠᠬᠢ ᠪᠡᠶ᠎ᠡ ᠶᠢᠨ ᠲᠠᠮᠢᠷ ᠤᠨ ᠲᠠᠯᠠᠪᠠᠶ᠂ ᠬᠡᠷ ᠳᠣᠲᠣᠷᠠᠬᠢ ᠪᠣᠯᠪᠠᠰᠤᠷᠠᠯ ᠤᠨ ᠣᠷᠳᠣᠨ ᠵᠢᠴᠢ ᠦᠵᠡᠰᠬᠦᠯᠡᠩ ᠤᠨ ᠣᠷᠳᠣᠨ ᠵᠡᠷᠭᠡ ᠣᠯᠠᠨ ᠲᠥᠷᠥᠯ

ᠬᠡᠯᠪᠡᠷᠢ ᠶᠢᠨ ᠪᠡᠶ᠎ᠡ ᠶᠢᠨ ᠲᠠᠮᠢᠷ ᠤᠨ ᠣᠷᠣᠨ ᠵᠠᠶ ᠶᠢ ᠪᠠᠭᠲᠠᠭᠠᠨ᠎ᠠ᠃ ᠬᠦᠷᠢᠶᠡᠯᠡᠩ ᠳᠤ ᠣᠳᠣ ᠪᠠᠶᠢᠭ᠎ᠠ 2 ᠲᠣᠣᠷ ᠪᠥᠮᠪᠦᠭᠡ ᠶᠢᠨ ᠲᠠᠯᠠᠪᠤᠷ᠂ 2 ᠡᠭᠦᠳᠡᠨ

ᠪᠥᠮᠪᠦᠭᠡ ᠶᠢᠨ ᠲᠠᠯᠠᠪᠤᠷ᠂ 2 ᠲᠠᠪᠤᠨ ᠬᠥᠮᠦᠨ ᠤ ᠳᠦᠷᠢᠮᠲᠦ ᠰᠢᠩᠭᠡᠯᠢᠭ ᠮᠠᠶ᠋ᠢᠭ ᠤᠨ ᠬᠥᠯ ᠪᠥᠮᠪᠦᠭᠡ ᠶᠢᠨ ᠲᠠᠯᠠᠪᠤᠷ᠂ 3 ᠰᠠᠭᠰᠤᠨ ᠪᠥᠮᠪᠦᠭᠡ ᠶᠢᠨ ᠲᠠᠯᠠᠪᠤᠷ᠂ 9

ᠥᠳᠥᠨ ᠪᠥᠮᠪᠦᠭᠡ ᠶᠢᠨ ᠲᠠᠯᠠᠪᠤᠷ᠂ 9 ᠫᠢᠩᠫᠠᠩ ᠪᠥᠮᠪᠦᠭᠡ ᠶᠢᠨ ᠲᠠᠯᠠᠪᠤᠷ ᠢ ᠴᠥᠮ ᠠᠵᠢᠯ ᠲᠥᠷᠥᠯ ᠤᠨ ᠬᠢᠨ ᠤ ᠥᠨᠳᠥᠷ ᠬᠢᠷᠢ ᠲᠦᠪᠰᠢᠨ ᠶᠣᠰᠣᠭᠠᠷ

ᠲᠣᠬᠢᠷᠠᠭᠤᠯᠤᠨ ᠪᠠᠶᠢᠭᠤᠯᠤᠭᠰᠠᠨ ᠪᠠᠶᠢᠨ᠎ᠠ᠃ ᠬᠡᠷ ᠳᠣᠲᠣᠷᠠᠬᠢ ᠲᠠᠯᠠᠪᠤᠷ ᠣᠷᠳᠣᠨ ᠢ ᠣᠯᠠᠨ ᠤᠯᠤᠰ ᠤᠨ ᠤᠷᠤᠯᠳᠤᠭᠠᠨ ᠤ ᠲᠠᠯᠠᠪᠤᠷ ᠭᠠᠵᠠᠷ ᠤᠨ ᠪᠥᠲᠥᠭᠡᠨ

ᠪᠠᠶᠢᠭᠤᠯᠤᠯᠲᠠ ᠪᠠᠷ ᠪᠠᠷᠢᠮᠵᠢᠶᠠᠯᠠᠵᠤ᠂ LED ᠨᠢᠳᠦ ᠡᠷᠢᠶᠡᠯᠵᠡᠬᠦ ᠶᠢ ᠰᠡᠷᠭᠡᠶᠢᠯᠡᠬᠦ ᠨᠢᠳᠦ ᠬᠠᠮᠠᠭᠠᠯᠠᠬᠤ ᠳ᠋ᠧᠩ ᠤᠨ ᠬᠡᠷᠡᠭᠰᠡᠯ᠂ ᠴᠤᠯᠤ ᠮᠣᠳᠣᠨ ᠲᠠᠮᠢᠷ ᠤᠨ

ᠬᠥᠳᠡᠯᠭᠡᠭᠡᠨ ᠤ ᠱᠠᠯᠠ ᠶᠢᠨ ᠬᠠᠪᠲᠠᠰᠤ᠂ PVC ᠲᠠᠮᠢᠷ ᠤᠨ ᠬᠥᠳᠡᠯᠭᠡᠭᠡᠨ ᠤ ᠭᠠᠵᠠᠷ ᠤᠨ ᠴᠠᠪᠠᠤ ᠵᠡᠷᠭᠡ ᠲᠤᠰᠬᠠᠶ ᠪᠡᠯᠡᠳᠬᠡᠮᠵᠢ ᠶᠢ ᠲᠥᠬᠦᠷᠵᠢᠭᠦᠯᠦᠨ᠂ ᠠᠵᠢᠯ

ᠲᠥᠷᠥᠯ ᠤᠨ ᠬᠢᠨ ᠤ ᠥᠨᠳᠥᠷ ᠬᠢᠷᠢ ᠲᠦᠪᠰᠢᠨ ᠶᠣᠰᠣᠭᠠᠷ ᠲᠤᠰᠬᠠᠶ ᠮᠡᠷᠭᠡᠵᠢᠯ ᠤᠨ ᠲᠠᠰ ᠤᠨ ᠲᠠᠮᠢᠷ ᠤᠨ ᠲᠠᠯᠠᠪᠤᠷ ᠣᠷᠳᠣᠨ ᠢ  ᠪᠠᠶᠢᠭᠤᠯᠪᠠ᠃ ᠡᠯ᠎ᠡ ᠲᠠᠮᠢᠷ ᠤᠨ

ᠲᠠᠯᠠᠪᠤᠷ ᠣᠷᠳᠣᠨ ᠳᠤ ᠪᠠᠰᠠ ᠲᠥᠪ ᠤᠨ ᠠᠭᠠᠷ ᠲᠣᠬᠢᠷᠠᠭᠤᠯᠤᠭᠴᠢ᠂ ᠬᠤᠪᠴᠠᠰᠤ ᠰᠣᠯᠢᠬᠤ ᠲᠠᠰᠤᠭ᠂ ᠰᠦᠷᠴᠢᠮᠡᠯ ᠤᠬᠢᠶᠠᠯᠭ᠎ᠠ ᠶᠢᠨ ᠲᠠᠰᠤᠭ ᠵᠡᠷᠭᠡ ᠬᠠᠲᠠᠭᠤ

ᠲᠣᠨᠤᠭ ᠤᠨ ᠢᠵᠢ ᠪᠦᠷᠢᠳᠦᠭᠦᠯᠬᠦ  ᠦᠢᠯᠡᠴᠢᠯᠡᠭᠡᠨ ᠤ ᠲᠥᠬᠦᠭᠡᠷᠦᠮᠵᠢ ᠲᠠᠢ᠃ ᠬᠦᠷᠢᠶᠡᠯᠡᠩ ᠲᠤ ᠪᠠᠰᠠ ᠲᠡᠷᠭᠡ ᠵᠣᠭᠰᠣᠬᠤ ᠲᠤᠰᠬᠠᠶ ᠲᠣᠭᠤᠷᠢᠭ ᠲᠣᠬᠢᠷᠠᠭᠤᠯᠵᠤ᠂

ᠬᠤᠲᠠ ᠶᠢᠨ ᠠᠷᠠᠳ ᠤᠨ ᠲᠡᠷᠭᠡ ᠵᠣᠭᠰᠣᠬᠤ ᠡᠷᠡᠭᠡᠯᠵᠡᠭᠡ ᠶᠢ ᠦᠨᠡᠨ ᠬᠦ ᠰᠢᠢᠳᠪᠦᠷᠢᠯᠡᠵᠦ ᠴᠢᠳᠠᠪᠠ᠃ ᠬᠤᠲᠠ ᠶᠢᠨ ᠠᠷᠠᠳ ᠠᠳᠡ ᠬᠥᠯ ᠪᠥᠮᠪᠦᠭᠡ᠂ ᠲᠤᠤᠷ

ᠪᠥᠮᠪᠦᠭᠡ᠂ ᠫᠢᠩᠫᠠᠩ ᠪᠥᠮᠪᠦᠭᠡ ᠵᠡᠷᠭᠡ ᠣᠯᠠᠨ ᠲᠦᠮᠡᠨᠴᠢ ᠬᠥᠳᠡᠯᠭᠡᠭᠡᠨ ᠢ ᠪᠡᠶᠡᠴᠢᠯᠡᠨ ᠣᠶᠢᠯᠠᠭᠠᠵᠤ ᠪᠣᠯᠬᠤ ᠮᠥᠷᠲᠡᠭᠡᠨ ᠪᠠᠰᠠ ᠵᠤᠭ᠎ᠠ ᠴᠡᠩᠭᠡᠯ ᠤᠨ ᠲᠥᠬᠦᠭᠡᠷᠦᠮᠵᠢ᠂

ᠪᠡᠶ᠎ᠡ ᠴᠢᠭᠢᠷᠠᠭᠵᠢᠭᠤᠯᠬᠤ ᠪᠠᠭᠠᠵᠢ ᠬᠡᠷᠡᠭᠰᠡᠯ ᠢ ᠬᠠᠨᠲᠠᠯ᠎ᠠ ᠨᠠᠭᠠᠳᠴᠤ ᠪᠣᠯᠬᠤ  ᠶᠤᠮ᠃ ᠡᠨᠡ ᠨᠢ ᠬᠤᠲᠠ ᠶᠢᠨ ᠠᠷᠠᠳ ᠲᠤ ᠣᠯᠠᠨ ᠲᠠᠯᠠᠪᠤᠷ᠂ ᠣᠯᠠᠨ ᠶᠠᠩᠵᠤ ᠶᠢᠨ

ᠪᠡᠶ᠎ᠡ ᠶᠢᠨ ᠲᠠᠮᠢᠷ ᠤᠨ ᠦᠢᠯᠡᠴᠢᠯᠡᠭᠡᠨ ᠤ ᠬᠡᠷᠡᠭᠴᠡᠭᠡ ᠶᠢ ᠬᠠᠩᠭᠠᠵᠤ᠂ ᠥᠷᠭᠡᠨ ᠣᠯᠠᠨ ᠬᠤᠲᠠ ᠶᠢᠨ ᠠᠷᠠᠳ ᠲᠤ ᠨᠠᠩ ᠴᠢᠨᠠᠷᠯᠢᠭ᠂ ᠨᠠᠩ ᠲᠠᠭᠠᠯᠠᠮᠵᠢᠲᠠᠶ ᠪᠡᠶ᠎ᠡ ᠶᠢᠨ

ᠲᠠᠮᠢᠷ ᠤᠨ ᠥᠩᠭᠡᠷᠡᠯᠲᠡ  ᠬᠠᠩᠭᠠᠬᠤ ᠪᠣᠯᠤᠨ᠎ᠠ᠃

开园7.jpg

     ︽ᠮᠠᠨ ᠤ ᠬᠦᠷᠢᠶᠡᠯᠡᠩ  ᠳᠤ ᠲᠤᠰᠬᠠᠶ ᠬᠥᠮᠦᠨ ᠲᠣᠬᠢᠷᠠᠭᠤᠯᠤᠨ ᠡᠯ᠎ᠡ ᠲᠥᠷᠥᠯ ᠤᠨ ᠲᠥᠬᠦᠭᠡᠷᠦᠮᠵᠢ ᠶᠢᠨ ᠬᠠᠮᠠᠭᠠᠯᠠᠯᠲᠠ ᠶᠢ ᠲᠣᠭᠲᠠᠮᠠᠯ

ᠬᠤᠭᠤᠴᠠᠭ᠎ᠠ ᠲᠠᠢ ᠪᠠᠷ ᠰᠠᠶᠢᠲᠤᠷ ᠬᠢᠯᠭᠡᠬᠦ ᠶᠢᠨ ᠬᠠᠮᠲᠤ ᠪᠠᠰᠠ ᠠᠮᠤᠷ ᠢ ᠬᠠᠮᠠᠭᠠᠯᠠᠬᠤ ᠠᠵᠢᠯᠲᠠᠨ ᠲᠣᠬᠢᠷᠠᠭᠤᠯᠤᠨ ᠴᠠᠭᠳᠠᠨ ᠪᠠᠶᠢᠴᠠᠭᠠᠯᠭᠠᠵᠤ᠂ ᠬᠤᠲᠠ ᠶᠢᠨ

ᠠᠷᠠᠳ ᠤᠨ ᠬᠥᠳᠡᠯᠭᠡᠭᠡᠨ ᠤ ᠲᠥᠬᠦᠮ᠂ ᠠᠮᠤᠷ ᠲᠦᠪᠰᠢᠨ᠂ ᠲᠠᠭᠠᠯᠠᠮᠵᠢᠲᠠᠶ ᠪᠠᠶᠢᠬᠤ ᠶᠢ ᠪᠠᠲᠤᠯᠠᠪᠠ︾ ᠭᠡᠵᠦ ᠬᠤᠰᠢᠭᠤᠨ ᠤ ᠰᠣᠶᠣᠯ ᠪᠡᠶ᠎ᠡ ᠶᠢᠨ ᠲᠠᠮᠢᠷ

ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶᠠᠨ ᠤ ᠬᠦᠷᠢᠶᠡᠯᠡᠩ ᠤᠨ ᠬᠠᠷᠢᠭᠤᠴᠠᠯᠭᠠᠲᠠᠨ ᠢᠯᠡᠳᠬᠡᠪᠡ᠃

     ᠪᠡᠶ᠎ᠡ ᠶᠢᠨ ᠲᠠᠮᠢᠷ ᠤᠨ ᠬᠦᠷᠢᠶᠡᠯᠡᠩ ᠲᠣᠭᠤᠷᠢᠭ ᠨᠢ ᠪᠠᠰᠠ ᠪᠠᠶᠢᠭᠠᠯᠢᠯᠢᠭ ᠠᠮᠢ ᠠᠬᠤᠶ ᠶᠢᠨ ᠣᠷᠴᠢᠨ ᠲᠣᠭᠤᠷᠢᠨ ᠢ ᠭᠦᠢᠴᠡᠳ ᠠᠰᠢᠭᠯᠠᠵᠤ᠂ ︽ᠪᠡᠶ᠎ᠡ

ᠮᠠᠬᠠᠪᠣᠳ ᠨᠣᠭᠤᠭᠠᠨ ᠥᠩᠭᠡ ᠶᠢ ᠠᠭᠤᠰᠤᠯᠴᠠᠭᠤᠯᠬᠤ︾ ᠵᠠᠭᠪᠤᠷ ᠢᠶᠠᠷ ᠳᠡᠮᠵᠢᠨ᠂  ᠬᠦᠷᠢᠶᠡᠯᠡᠩ ᠤᠨ ᠳᠣᠲᠣᠷᠠᠬᠢ ᠨᠣᠭᠤᠭᠠᠷᠠᠭᠤᠯᠤᠯᠲᠠ ᠶᠢᠨ ᠲᠠᠯᠠᠪᠠᠶ ᠶᠢ

98000 ᠲᠡᠭᠰᠢ ᠳᠥᠷᠪᠡᠯᠵᠢᠨ ᠮᠧᠲᠷ ᠲᠤ ᠬᠦᠷᠭᠡᠵᠦ᠂ ᠬᠤᠲᠠ ᠶᠢᠨ ᠠᠷᠠᠳ ᠲᠤ ᠪᠣᠬᠢᠷᠲᠤᠯ ᠥᠬᠡᠶ᠂ ᠰᠣᠶᠣᠯ᠂ ᠪᠡᠶ᠎ᠡ ᠶᠢᠨ ᠲᠠᠮᠢᠷ ᠤᠨ ᠶᠡᠷᠦᠩᠬᠡᠶᠢᠯᠡᠭᠰᠡᠨ ᠴᠢᠨᠠᠷ

ᠰᠠᠶᠢᠲᠠᠶ ᠠᠮᠢ ᠠᠬᠤᠶ ᠶᠢᠨ ᠬᠥᠳᠡᠯᠭᠡᠭᠡᠨ ᠤ ᠣᠷᠣᠨ ᠵᠠᠶ ᠶᠢ ᠪᠣᠶ ᠪᠣᠯᠭᠠᠵᠤ᠂ ᠬᠤᠲᠠ ᠶᠢᠨ ᠠᠷᠠᠳ ᠲᠤ ᠬᠥᠳᠡᠯᠭᠡᠭᠡᠨ ᠤ ᠳᠤᠮᠳᠠ ᠪᠠᠶᠢᠭᠠᠯᠢ ᠶᠢ ᠮᠡᠳᠡᠷᠡᠭᠦᠯᠵᠦ᠂

ᠡᠷᠡᠭᠦᠯ ᠴᠢᠭᠢᠷᠠᠭ ᠠᠮᠢᠳᠤᠷᠠᠯ ᠢ ᠡᠳ᠋ᠯᠡᠭᠦᠯᠬᠦ ᠶᠢ  ᠵᠣᠷᠢᠭᠰᠠᠨ ᠪᠠᠶᠢᠨ᠎ᠠ᠃

开园8.jpg

 

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ