ᠸᠢᠴᠠᠲ ᠤᠨ ᠠᠯᠪᠠᠨ ᠵᠠᠷ᠄ ᠡᠲᠡᠭᠡᠷ ᠶᠢ ᠠᠭᠤᠯᠭ᠎ᠠ ᠨᠡᠶᠢᠲᠡᠯᠡᠭᠰᠡᠨ ᠳᠠᠩᠰᠠᠨ  ᠨᠣᠮᠧᠷ ᠢ ᠴᠢᠩᠭ᠎ᠠ ᠰᠢᠢᠳᠪᠦᠷᠢᠯᠡᠨ᠎ᠡ︕
ᠨᠡᠶᠢᠲᠡᠯᠡᠭᠰᠡᠨ ᠴᠠᠭ᠄
2022/9/16
     9  ᠰᠠᠷ᠎ᠠ ᠶᠢᠨ  13 ᠤ   ᠡᠳᠦᠷ ᠤᠨ   ᠦᠳᠡ ᠶᠢᠨ   ᠬᠤᠶᠢᠨ᠎ᠠ᠂   ᠸᠢᠴᠠᠲ ᠤᠨ   ᠠᠯᠪᠠᠨ ᠤ   ᠲᠠᠯ᠎ᠠ ᠠᠴᠠ ︽ᠪᠣᠯᠪᠠᠰᠤᠨ ᠢᠶᠠᠷ ᠰᠦᠯᠵᠢᠶᠡᠨ ᠳᠤ ᠭᠠᠷᠴᠤ᠂ ᠤᠬᠠᠭᠠᠯᠢᠭ ᠢᠶᠠᠷ  ᠣᠳᠣᠨ ᠢ  ᠬᠥᠭᠡᠭᠡᠴᠡᠯᠳᠦᠬᠦ︾  ᠲᠤᠬᠠᠶ  ᠰᠠᠨᠠᠭᠠᠴᠢᠯᠠᠭ᠎ᠠ ᠶᠢ ᠨᠡᠶᠢᠲᠡᠯᠡᠪᠡ᠄ ᠣᠶᠢᠷ᠎ᠠ ᠳᠤ᠂ ᠸᠢᠴᠠᠲ ᠤᠨ ᠲᠠᠪᠴᠠᠩ ᠠᠴᠠ ᠣᠨᠴᠠ ᠵᠠᠷᠢᠮ ᠬᠦᠮᠦᠰ ᠤᠬᠠᠭᠠᠯᠢᠭ  ᠪᠤᠰᠤ  ᠠᠷᠭ᠎ᠠ  ᠮᠠᠶ᠋ᠢᠭ ᠢᠶᠠᠷ ᠣᠳᠣᠨ ᠢ  ᠬᠥᠭᠡᠭᠡᠴᠡᠯᠳᠦᠵᠦ᠂  ᠴᠢᠨᠠᠭᠰᠢᠯᠠᠪᠠᠯ  ᠣᠳᠣᠨ ᠢ  ᠬᠥᠭᠡᠭᠡᠴᠡᠯᠳᠦᠬᠦ  ᠬᠡᠲᠦᠷᠡᠭᠦᠦ  ᠶᠠᠷᠢᠶ᠎ᠠ  ᠥᠭᠦᠯᠡᠯ  ᠨᠡᠶᠢᠲᠡᠯᠡᠵᠦ ᠪᠠᠶᠢᠬᠤ ᠶᠢ ᠣᠯᠵᠤ ᠮᠡᠳᠡᠵᠡᠶ᠃ ᠸᠢᠴᠠᠲ ᠨᠢ ᠪᠣᠬᠢᠷᠲᠤᠯ ᠥᠬᠡᠶ ᠡᠷᠡᠭᠦᠯ ᠰᠠᠷᠠᠭᠤᠯ ᠠᠭᠤᠯᠭ᠎ᠠ ᠠᠮᠢ ᠠᠬᠤᠶ ᠶᠢ  ᠴᠢᠷᠮᠠᠶᠢᠨ  ᠪᠣᠶ ᠪᠣᠯᠭᠠᠵᠤ᠂  ︽ᠬᠤᠷᠢᠭ᠎ᠠ  ᠱᠤᠭᠤᠮ  ᠥᠬᠡᠶ ᠪᠠᠷ  ᠣᠳᠣᠨ ᠢ  ᠬᠥᠭᠡᠭᠡᠴᠡᠯᠳᠦᠬᠦ︾  ᠵᠡᠷᠭᠡ  ᠦᠢᠯᠡ  ᠠᠵᠢᠯᠯᠠᠭ᠎ᠠ ᠶᠢ   ᠡᠷᠡᠰ ᠬᠤᠷᠢᠭᠯᠠᠵᠤ᠂ ᠣᠳᠣᠨ ᠢ ᠤᠬᠠᠭᠠᠯᠢᠭ ᠪᠤᠰᠤ ᠪᠠᠷ᠂ ᠵᠠᠮᠪᠠᠷᠠᠭ᠎ᠠ  ᠦᠭᠡᠢ ᠪᠠᠷ  ᠬᠥᠭᠡᠭᠡᠴᠡᠯᠳᠦᠬᠦ ᠶᠢ  ᠥᠳᠦᠭᠡᠭᠰᠡᠨ  ᠠᠭᠤᠯᠭ᠎ᠠ ᠨᠡᠶᠢᠲᠡᠯᠡᠭᠰᠡᠨ ᠲᠠᠩᠰᠠᠨ ᠨᠣᠮᠧᠷ ᠢ ᠴᠢᠩᠭ᠎ᠠ ᠰᠢᠢᠳᠪᠦᠷᠢᠯᠡᠨ᠎ᠡ᠃
ᠢᠷᠡᠯᠲᠡ᠄ ᠠᠷᠠᠳ ᠤᠨ ᠰᠦᠯᠵᠢᠶ᠎ᠡ